ᠲᠡᠷᠢᠭᠦᠨ ᠬᠠᠭᠤᠳᠠᠰᠤ   -   ᠥᠨᠥᠳᠥᠷ᠎ᠤᠨ ᠦᠪᠦᠷ ᠮᠣᠩᠭᠤᠯ
ᠠᠷᠠᠳ᠎ᠤᠨ ᠡᠳᠦᠷ᠎ᠤᠨ ᠰᠣᠨᠢᠨ᠎ᠤ ᠭᠠᠲᠠᠭᠠᠲᠤ ᠬᠡᠪᠯᠡᠯ  ᠵᠢᠭᠤᠯᠴᠢᠯᠠᠭᠰᠠᠳ ᠨᠠᠭᠠᠳᠤᠮ᠎ᠢᠶᠠᠷ ᠴᠤᠭ᠍ᠯᠠᠷᠠᠬᠤᠶ᠎ᠠ ᠬᠢᠩᠭᠠᠨ ᠠᠶ᠋ᠢᠮᠠᠭ᠎ᠤᠨ᠎ᠬᠢᠨ ᠳᠥᠷᠪᠡᠨ ᠵᠦᠭ ᠨᠠᠢ᠍ᠮᠠᠨ ᠵᠣᠪᠬᠢᠰ᠎ᠤᠨ《ᠭᠡᠢᠴᠢᠳ》᠎ᠢᠶᠠᠨ ᠬᠠᠯᠠᠭᠤᠮᠰᠤᠭ᠎ᠢᠶᠠᠷ ᠵᠣᠴᠢᠯᠠᠨᠠᠮ
ᠨᠡᠶ᠋ᠢᠲᠡᠯᠡᠭᠰᠡᠨ ᠴᠠᠭ᠄ 2025-08-14

8 ᠳ᠋ᠤᠭᠠᠷ ᠰᠠᠷ᠎ᠠ᠎ᠶᠢᠨ 12᠎ᠤᠨ ᠡᠳᠦᠷ᠂ 《ᠠᠷᠠᠳ᠎ᠤᠨ ᠡᠳᠦᠷ᠎ᠤᠨ ᠰᠣᠨᠢᠨ᠎ᠤ ᠭᠠᠳᠠᠭᠠᠳᠤ᠎ᠬᠡᠪᠯᠡᠯ》 ᠎ᠳᠤ 《ᠵᠢᠭᠤᠯᠴᠢᠯᠠᠭ᠍ᠰᠠᠳ ᠨᠠᠭᠠᠳᠤᠮ᠎ᠢᠶᠠᠷ ᠴᠤᠭ᠍ᠯᠠᠷᠠᠬᠤᠶ᠎ᠠ ᠬᠢᠩᠭᠠᠨ ᠠᠶ᠋ᠢᠮᠠᠭ᠎ᠤᠨ᠎ᠬᠢᠨ ᠳᠥᠷᠪᠡᠨ ᠵᠦᠭ ᠨᠠᠢ᠍ᠮᠠᠨ ᠵᠣᠪᠬᠢᠰ᠎ᠤᠨ 〈ᠭᠡᠢᠴᠢᠳ〉᠎ᠢᠶᠠᠨ ᠬᠠᠯᠠᠭᠤᠮᠰᠤᠭ᠎ᠢᠶᠠᠷ ᠵᠣᠴᠢᠯᠠᠨᠠᠮ》 ᠬᠡᠮᠡᠬᠦ᠌ ᠵᠣᠬᠢᠶᠠᠯ᠎ᠢ ᠨᠡᠢᠲᠡᠯᠡᠵᠦ ᠂ ᠬᠢᠩᠭᠠᠨ ᠠᠶ᠋ᠢᠮᠠᠭ᠎ᠤᠨ ᠡᠨᠡ ᠵᠢᠯ᠎ᠤᠨ ᠨᠠᠭᠠᠳᠤᠮ᠎ᠤᠨ ᠬᠤᠭᠤᠴᠠᠭᠠᠨ᠎ᠳᠡᠬᠢ 《100 + 6 + 1 + N》 ᠵᠢᠭᠤᠯᠴᠢᠯᠠᠭᠰᠠᠳ᠎ᠲᠤ᠎ᠪᠠᠨ ᠦᠢᠯᠡᠴᠢᠯᠡᠭᠰᠡᠨ ᠠᠵᠢᠯᠯᠠᠭ᠎ᠠ᠎ᠶᠢ ᠮᠡᠳᠡᠭᠡᠯᠡᠪᠡ ᠃ ᠮᠡᠳᠡᠭᠡᠯᠡᠯ᠎ᠦᠨ ᠪᠦᠬᠦ ᠠᠭᠤᠯᠭ᠎ᠠ ᠨᠢ ᠳᠣᠣᠷᠠᠬᠢ ᠮᠡᠲᠦ᠄

《ᠡᠠᠷᠠᠣᠠ᠎ᠤᠨ ᠡᠳᠦᠷ᠎ᠤᠨ ᠰᠣᠨᠢᠠ᠎ᠤ ᠭᠠᠲᠠᠭᠠᠲᠦ ᠬᠡᠪᠯᠡᠯ》  (2025 ᠣᠨ᠎ᠤ 8 ᠳ᠋ᠤᠭᠠᠷ ᠰᠠᠷ᠎ᠠ᠎ᠶᠢᠨ 12᠎ᠤᠨ ᠡᠳᠦᠷ  5 ᠳ᠋ᠤᠭᠠᠷ ᠨᠢᠭᠣᠷ)

8 ᠳ᠋ᠤᠭᠠᠷ ᠰᠠᠷ᠎ᠠ᠎ᠶᠢᠨ 8᠎ᠤ ᠡᠳᠦᠷ᠎ᠤᠨ ᠦᠳᠡ᠎ᠶᠢᠨ ᠡᠮᠦᠨᠡᠬᠢ 10 ᠴᠠᠭ᠎ᠲᠤ᠂ 《ᠺᠢᠨᠣ᠋᠎ᠶᠢ ᠳᠠᠭᠠᠵᠤ ᠶᠠᠭᠠᠷᠠᠮᠠᠭ᠎ᠲᠤ ᠣᠴᠢᠬᠤᠢ》 ᠬᠡᠮᠡᠬᠦ᠌ ᠲᠠᠯ᠎ᠠ ᠨᠤᠲᠤᠭ᠎ᠤᠨ ᠠᠶᠠᠯᠠᠯ ᠬᠢᠭᠡᠳ ᠥᠪᠥᠷ ᠮᠣᠩᠭᠤᠯ᠎ᠤᠨ ᠲᠠᠯ᠎ᠠ ᠨᠤᠲᠤᠭ᠎ᠤᠨ ᠰᠡᠯᠡᠭᠦᠴᠡᠯ᠎ᠪᠡᠶ᠎ᠡ᠎ᠶᠢᠨ ᠲᠠᠮᠢᠷ᠎ᠤᠨ ᠴᠤᠭ᠍ᠯᠠᠭᠠᠨ▪2025 ᠬᠢᠩᠭᠠᠨ ᠠᠶ᠋ᠢᠮᠠᠭ᠎ᠤᠨ ᠨᠠᠭᠠᠳᠤᠮ ᠨᠢ ᠡᠬᠢᠯᠡᠯᠲᠡ᠎ᠶᠢᠨ ᠪᠥᠵᠢᠭ ᠪᠣᠯᠬᠤ ᠮᠢᠩᠭᠠᠨ ᠬᠥᠮᠦᠨ᠎ᠤ ᠭᠤᠶ᠋ᠢᠳᠠ ᠰᠠᠶ᠋ᠢᠬᠠᠨ ᠲᠣᠭᠯᠠᠯᠲᠠ᠎ᠪᠠᠷ ᠬᠥᠰᠢᠭᠡ᠎ᠪᠠᠨ ᠰᠡᠬᠦᠵᠦ᠂ ᠦᠵᠡᠭᠴᠢᠳ᠎ᠤᠨ ᠣᠷᠭᠢᠯᠤᠮ᠎ᠠ ᠬᠠᠯᠠᠭᠤᠨ ᠰᠡᠳᠬᠢᠯᠭᠡ ᠬᠥᠭ᠌ᠵᠢᠵᠦ᠍ ᠤᠯᠠᠭᠠᠨᠮᠣᠳᠣ᠌ ᠎ᠶ᠋ᠢᠨ ᠲᠠᠯ᠎ᠠ ᠨᠤᠲᠤᠭ ᠬᠦᠷ ᠬᠥᠭᠵᠢᠶᠡᠨ᠎ᠢᠶᠠᠷ ᠪᠢᠯᠬᠠᠪᠠ᠃

ᠡᠬᠢᠯᠡᠯᠲᠡ᠎ᠶᠢᠨ ᠶᠣᠰᠣᠯᠠᠯ ᠳᠡᠭᠡᠷ᠎ᠡ᠂ ᠤᠯᠤᠰ᠎ᠤᠨ ᠲᠤᠭ᠎ᠤᠨ ᠡᠩᠨᠡᠭᠡ᠂ ᠨᠠᠭᠠᠳᠤᠮ᠎ᠤᠨ ᠲᠤᠭ ᠪᠠ ᠨᠠᠭᠠᠳᠤᠮ᠎ᠤᠨ ᠰᠦᠯᠳᠡ᠎ᠶᠢᠨ ᠡᠩᠨᠡᠭᠡᠨ᠎ᠦ ᠳᠠᠭᠠᠭᠤᠯᠭ᠎ᠠ᠎ᠪᠡᠷ᠂ 18 ᠤᠨᠴᠠᠯᠢᠬ᠍ᠳᠤ ᠵᠢᠭ᠍ᠰᠠᠭᠠᠯ᠎ᠤᠨ ᠠᠩᠭᠢ᠂ ᠵᠠᠰᠠᠯ ᠭᠤᠶᠤᠯᠠᠯ᠎ᠲᠠᠢ ᠮᠠᠯᠴᠢᠳ᠂ ᠤᠷᠠᠨ ᠰᠠᠢᠬᠠᠨ᠎ᠤ ᠲᠤᠭ᠍ᠯᠠᠯᠲᠠ᠎ᠪᠠᠷ᠎ᠢᠶᠠᠨ ᠦᠵᠡᠭ᠌ᠴᠢᠳ᠎ᠦᠨ ᠲᠠᠭᠠᠱᠢᠶᠠᠯ ᠎ᠢ ᠬᠦᠷᠲᠡᠪᠡ᠃

ᠬᠢᠩᠭᠠᠨ ᠠᠢᠮᠠᠭ ᠨᠢ ᠡᠨᠡ ᠵᠢᠯ᠎ᠤᠨ ᠨᠠᠭᠠᠳᠤᠮ᠎ᠤᠨ ᠡᠳᠦᠷ᠎ᠦᠳ᠎ᠲᠦ 《100 + 6 + 1 + N》 ᠬᠡᠮᠡᠬᠦ᠌ ᠵᠢᠭᠤᠯᠴᠢᠯᠠᠭᠰᠠᠳ᠎ᠲᠤ ᠦᠢᠯᠡᠴᠢᠯᠡᠬᠦ ᠠᠷᠭ᠎ᠠ ᠬᠡᠮᠵᠢᠶ᠎ᠡ᠎ᠨᠦᠭᠦᠳ᠎ᠢ ᠵᠣᠬᠢᠶᠠᠨ ᠪᠠᠢᠭᠤᠯᠵᠠᠢ᠃ 《100》 ᠭᠡᠳᠡᠭ ᠨᠢ ᠬᠢᠩᠭᠠᠨ ᠠᠶ᠋ᠢᠮᠠᠭ᠎ᠤᠨ 100 ᠡᠳᠦᠷ᠎ᠤᠨ ᠬᠤᠭᠤᠴᠠᠭ᠎ᠠ᠎ᠲᠠᠢ ᠨᠠᠭᠠᠳᠤᠮ᠎ᠤᠨ ᠤᠯᠠᠷᠢᠯ᠎ᠢ ᠵᠢᠭᠠᠵᠤ ᠪᠣᠢ; 《6》 ᠭᠡᠳᠡᠭ ᠨᠢ 6 ᠵᠦᠢᠯ᠎ᠤᠨ ᠭᠤᠤᠯ ᠰᠡᠳᠦᠪᠲᠦ ᠠᠵᠢᠯᠯᠠᠭ᠎ᠠ᠎ᠶᠢ ᠵᠢᠭᠠᠵᠤ᠂ ᠲᠣᠰ ᠲᠣᠰ 《ᠺᠢᠨᠣ᠋᠎ᠶᠢ ᠳᠠᠭᠠᠵᠤ ᠶᠠᠭᠠᠷᠠᠮᠠᠭ᠎ᠲᠤ ᠣᠴᠢᠬᠤᠢ》 ᠬᠡᠮᠡᠬᠦ᠌ ᠲᠠᠯ᠎ᠠ ᠨᠤᠲᠤᠭ᠎ᠤᠨ ᠠᠶᠠᠯᠠᠯ᠂ ᠥᠪᠥᠷ ᠮᠣᠩᠭᠤᠯ᠎ᠤᠨ ᠲᠠᠯ᠎ᠠ ᠨᠤᠲᠤᠭ᠎ᠤᠨ ᠰᠡᠯᠡᠭᠦᠴᠡᠯ ᠪᠡᠶ᠎ᠡ᠎ᠶᠢᠨ ᠲᠠᠮᠢᠷ᠎ᠤᠨ ᠶᠡᠭᠡ ᠬᠤᠷᠠᠯ᠂ ᠥᠪᠥᠷ ᠮᠣᠩᠭᠤᠯ᠎ᠤᠨ ᠳᠥᠷᠪᠡᠳᠦᠭᠡᠷ ᠬᠤᠭᠤᠴᠠᠭᠠᠨ᠎ᠤ 《ᠪᠠᠬᠠᠷᠤᠮ᠎ᠠ ᠰᠠᠶ᠋ᠢᠬᠠᠨ ᠬᠡᠷ ᠣᠷᠣᠨ》 ᠦᠨᠳᠦᠰᠦᠲᠡᠨ᠎ᠤ ᠠᠷᠠᠳ᠎ᠤᠨ ᠳᠤᠷ᠎ᠠ ᠰᠣᠨᠢᠷᠬᠠᠯᠲᠤ ᠪᠡᠶ᠎ᠡ᠎ᠶᠢᠨ ᠲᠠᠮᠢᠷ᠎ᠤᠨ ᠴᠤᠭᠯᠠᠭᠠᠨ᠂ 《 ᠲᠠᠯ᠎ᠠ ᠨᠤᠲᠤᠭ᠎ᠤᠨ ᠳᠠᠭᠤᠤ᠎ᠪᠠᠨ ᠬᠠᠮᠲᠤ᠎ᠪᠠᠷ ᠳᠠᠭᠤᠯᠠᠶ᠎ᠠ》᠎ᠶᠢᠨ ᠬᠤᠶᠠᠳᠠᠬᠢ ᠤᠯᠠᠷᠢᠯ ᠂ ᠤᠯᠠᠭᠠᠨᠮᠣᠳᠣ᠌ ᠲᠠᠯ᠎ᠠ ᠨᠤᠲᠤᠭ᠎ᠤᠨ ᠳᠠᠭᠤᠤ ᠬᠥᠭᠵᠢᠮ᠎ᠤᠨ ᠨᠠᠶ᠋ᠢᠷ᠂ ᠤᠯᠠᠮᠵᠢᠯᠠᠯᠲᠤ ᠨᠠᠭᠠᠳᠤᠮ᠎ᠤᠨ ᠤᠷᠤᠯᠳᠤᠭᠠᠨ ᠪᠣᠯᠤᠨ᠎ᠠ; 《1》 ᠭᠡᠳᠡᠭ ᠨᠢ ᠨᠢᠭᠡᠨ ᠭᠤᠤᠯᠳᠠᠯᠭ᠎ᠠ ᠪᠣᠯᠬᠤ ᠬᠤᠷᠠᠯ᠎ᠢ ᠵᠢᠭᠠᠵᠤ᠂ ᠲᠤᠬᠠᠶ᠋ᠢᠯᠠᠪᠠᠯ ᠶᠡᠭᠡ ᠳᠡᠭᠡᠳᠦ ᠰᠤᠷᠭᠠᠭᠤᠯᠢ᠎ᠶᠢᠨ ᠰᠣᠶᠣᠯ ᠵᠢᠭᠤᠯᠴᠢᠯᠠᠯ᠎ᠤᠨ ᠬᠠᠪᠰᠤᠷᠤᠨ ᠲᠡᠳᠬᠦᠬᠦ ᠬᠣᠯᠪᠣᠭᠠᠨ᠎ᠤ ᠠᠬᠤᠢ ᠲᠠᠯᠠᠪᠤᠷ᠎ᠤᠨ ᠬᠤᠷᠠᠯ ᠪᠣᠯᠣᠨ᠎ᠠ; 《N》 ᠭᠡᠳᠡᠭ ᠨᠢ ᠬᠢᠩᠭᠠᠨ ᠠᠶ᠋ᠢᠮᠠᠭ᠎ᠤᠨ ᠨᠠᠭᠠᠳᠤᠮ᠎ᠤᠨ ᠤᠯᠠᠷᠢᠯ᠎ᠤᠨ N ᠵᠦᠢᠯ᠎ᠤᠨ ᠢᠵᠢ ᠪᠦᠷᠢᠳᠦᠭᠦᠯᠬᠦ ᠰᠢᠷᠢᠰ ᠠᠵᠢᠯᠯᠠᠭ᠎ᠠ ᠪᠣᠯᠣᠨ᠎ᠠ᠃

ᠬᠢᠩᠭᠠᠨ ᠠᠶ᠋ᠢᠮᠠᠭ᠎ᠤᠨ ᠨᠠᠭᠠᠳᠤᠮ᠎ᠨᠢ ᠦᠨᠳᠦᠰᠦᠲᠡᠨ᠎ᠤ ᠡᠯᠪᠡᠭ ᠪᠠᠶᠠᠯᠢᠭ᠋ ᠰᠣᠶᠣᠯ᠎ᠤᠨ ᠠᠭᠤᠯᠤᠭᠳᠠᠬᠤᠨ ᠪᠠ ᠭᠦᠨ ᠵᠤᠵᠠᠭᠠᠨ ᠦᠨᠳᠦᠰᠦᠲᠡᠨ᠎ᠤ ᠬᠠᠶ᠋ᠢᠷ᠎ᠠ ᠰᠡᠳᠬᠢᠯᠭᠡ᠎ᠶᠢ ᠠᠴᠢᠶᠠᠯᠠᠵᠤ᠂ ᠬᠢᠩᠭᠠᠨ᠎ᠤ ᠦᠨᠳᠦᠰᠦᠲᠡᠨ᠎ᠨᠦᠭᠦᠳ᠎ᠤᠨ ᠬᠥᠪᠡᠭᠦᠳ ᠥᠬᠢᠳ᠎ᠤᠨ ᠪᠠᠶᠠᠷ ᠪᠠᠬᠠᠳᠤᠯᠲᠤ ᠨᠠᠭᠠᠳᠤᠮ ᠪᠣᠯᠬᠤ᠎ᠪᠠᠷ ᠪᠠᠷᠠᠬᠤ ᠦᠭᠡᠢ᠂ ᠮᠥᠨ ᠴᠤ᠌ ᠤᠮᠠᠷᠠᠲᠤ ᠬᠢᠵᠠᠭᠠᠷ᠎ᠤᠨ ᠰᠣᠶᠣᠯ᠎ᠢ ᠢᠯᠡᠷᠡᠭᠦᠯᠵᠦ᠂ ᠳᠤᠮᠳᠠᠳᠤ᠎ᠶᠢᠨ ᠦᠨᠳᠦᠰᠦᠲᠡᠨ᠎ᠤ ᠬᠠᠮᠲᠤ᠎ᠶᠢᠨ ᠤᠶᠤᠨ ᠰᠠᠨᠠᠭᠠᠨ᠎ᠤ ᠭᠡᠷ ᠣᠷᠣᠨ᠎ᠢ ᠪᠠᠶ᠋ᠢᠭᠤᠯᠵᠤ᠂ ᠦᠨᠳᠦᠰᠦᠲᠡᠨ᠎ᠨᠦᠭᠦᠳ᠎ᠤᠨ ᠤᠯᠠᠨ ᠲᠦᠮᠡᠨ᠎ᠤ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠭ᠎ᠠ᠎ᠶ᠋ᠢ ᠠᠬᠢᠭᠤᠯᠬᠤ ᠴᠤᠩᠬᠤᠪᠴᠢ ᠪᠠ ᠲᠠᠪᠴᠠᠩ ᠪᠣᠯᠪᠠ᠃

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠰᠦᠯᠵᠢᠶ᠎ᠡ
Baidu
map