ᠥᠪᠥᠷ ᠮᠣᠩᠭᠣᠯ᠎ᠤᠨ ᠴᠠᠭ ᠠᠭᠤᠷ᠎ᠤᠨ ᠬᠣᠷᠢᠶ᠎ᠠ᠎ᠶᠢᠨ 17᠎ᠤ ᠡᠳᠦᠷ᠎ᠦᠨ ᠮᠡᠳᠡᠭᠡ᠎ᠶᠢ ᠦᠨᠳᠦᠰᠦᠯᠡᠪᠡᠯ᠂ ᠥᠨᠥᠳᠥᠷ ᠥᠪᠥᠷ ᠮᠣᠩᠭᠣᠯ᠎ᠤᠨ ᠶᠡᠬᠡᠩᠬᠢ ᠭᠠᠵᠠᠷ᠎ᠲᠤ ᠡᠭᠦᠯᠡ᠎ᠲᠠᠢ᠂ ᠪᠠᠭ᠎ᠠ ᠪᠣᠷᠣᠭᠠᠨ ᠪᠤᠶᠤ ᠠᠶᠤᠩᠭᠠᠲᠤ ᠠᠭᠠᠳᠠᠷ ᠣᠷᠣᠨ᠎ᠠ᠂ ᠡᠭᠦᠨ᠎ᠳᠦ ᠪᠠᠶᠠᠨᠨᠠᠭᠤᠷ ᠬᠣᠲᠠ᠎ᠶᠢᠨ ᠵᠡᠭᠦᠨ ᠪᠡᠶ᠎ᠡ᠂ ᠣᠷᠳᠣᠰ ᠬᠣᠲᠠ᠎ᠶᠢᠨ ᠵᠡᠭᠦᠨ ᠪᠡᠶ᠎ᠡ᠂ ᠪᠤᠭᠤᠲᠤ ᠬᠣᠲᠠ᠎ᠶᠢᠨ ᠳᠤᠮᠳᠠ ᠪᠡᠶ᠎ᠡ ᠪᠠ ᠡᠮᠦᠨ᠎ᠡ ᠪᠡᠶ᠎ᠡ᠂ ᠬᠥᠬᠡᠬᠣᠲᠠ ᠵᠡᠷᠭᠡ ᠭᠠᠵᠠᠷ᠎ᠤᠨ ᠬᠡᠰᠡᠭ ᠭᠠᠵᠠᠷ᠎ᠲᠤ ᠶᠡᠬᠡ ᠪᠣᠷᠣᠭᠠᠨ ᠪᠤᠶᠤ ᠰᠢᠷᠦᠭᠦᠨ ᠪᠣᠷᠣᠭᠠᠨ ᠣᠷᠣᠵᠤ᠂ ᠬᠡᠰᠡᠭ ᠭᠠᠵᠠᠷ ᠣᠷᠣᠨ᠎ᠳᠤ ᠣᠬᠣᠷ ᠬᠣᠭᠣᠴᠠᠭᠠᠨ᠎ᠤ ᠶᠡᠬᠡ ᠰᠢᠷᠦᠭᠦᠨ ᠪᠣᠷᠣᠭᠠᠨ᠂ ᠠᠶᠤᠩᠭᠠᠲᠤ ᠪᠣᠷᠣᠭᠠᠨ ᠶᠡᠬᠡ ᠰᠠᠯᠬᠢ᠂ ᠮᠥᠨᠳᠥᠷ ᠵᠡᠷᠭᠡ ᠴᠢᠩᠭ᠎ᠠ ᠰᠣᠯᠢᠭ᠋ ᠣᠷᠣᠰᠭᠠᠯᠲᠣ ᠴᠠᠭ ᠠᠭᠤᠷ ᠳᠠᠭᠠᠯᠳᠣᠨᠠ᠃