ᠲᠡᠷᠢᠭᠦᠨ ᠬᠠᠭᠤᠳᠠᠰᠤ   -   ᠥᠨᠥᠳᠥᠷ᠎ᠤᠨ ᠦᠪᠦᠷ ᠮᠣᠩᠭᠤᠯ
ᠤᠯᠤᠰ᠎ᠤᠨ ᠦᠶᠡᠷ᠎ᠢ ᠰᠡᠷᠭᠡᠢᠯᠡᠵᠦ ᠭᠠᠩ ᠬᠠᠭᠰᠠᠷᠠᠭᠠᠨ ᠲᠠᠢ ᠲᠡᠮᠡᠴᠡᠬᠦ ᠠᠵᠢᠯ᠎ᠤᠨ ᠶᠡᠷᠦᠩᠬᠡᠢ ᠵᠢᠯᠤᠭᠣᠳᠬᠤ ᠭᠠᠵᠠᠷ᠎ᠤᠨ ᠠᠯᠪᠠᠨ ᠭᠡᠷ᠎ᠡᠴᠡ ᠥᠪᠥᠷ ᠮᠣᠩᠭᠣᠯ᠎ᠳᠤ ᠪᠠᠴᠢᠮ ᠪᠠᠢᠳᠠᠯ᠎ᠢ ᠠᠷᠭᠠᠴᠠᠭᠠᠵᠤ ᠭᠠᠮᠰᠢᠭ᠋᠎ᠠᠴᠠ ᠠᠪᠤᠷᠠᠬᠤ᠎ᠪᠠᠷ ᠲᠥᠪ᠎ᠦᠨ ᠪᠠᠭᠣᠯᠭᠠᠭ᠍ᠰᠠᠨ ᠡᠳ᠋ ᠪᠣᠳᠠᠰ᠎ᠢ ᠰᠢᠯᠵᠢᠭᠦᠯᠦᠨ ᠦᠭ᠌ᠪᠡ
ᠨᠡᠶ᠋ᠢᠲᠡᠯᠡᠭᠰᠡᠨ ᠴᠠᠭ᠄ 2025-08-07

 

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠶᠡᠷ᠎ᠢ ᠰᠡᠷᠭᠡᠢᠯᠡᠵᠦ ᠭᠠᠩ ᠬᠠᠭᠰᠠᠷᠠᠭᠠᠨ ᠲᠠᠢ ᠲᠡᠮᠡᠴᠡᠬᠦ ᠠᠵᠢᠯ᠎ᠤᠨ ᠵᠢᠯᠤᠭᠣᠳᠬᠤ ᠭᠠᠵᠠᠷ᠎ᠤᠨ ᠭᠤᠶᠤᠴᠢᠯᠠᠯ᠎ᠢᠶᠠᠷ᠂ 4᠎ᠦ ᠡᠳᠦᠷ ᠤᠯᠤᠰ᠎ᠤᠨ ᠦᠶᠡᠷ᠎ᠢ ᠰᠡᠷᠭᠡᠢᠯᠡᠵᠦ ᠭᠠᠩ ᠬᠠᠭᠰᠠᠷᠠᠭᠠᠨ ᠲᠠᠢ ᠲᠡᠮᠡᠴᠡᠬᠦ ᠠᠵᠢᠯ᠎ᠤᠨ ᠶᠡᠷᠦᠩᠬᠡᠢ ᠵᠢᠯᠤᠭᠣᠳᠬᠤ ᠭᠠᠵᠠᠷ᠎ᠤᠨ ᠠᠯᠪᠠᠨ ᠭᠡᠷᠨᠢ ᠤᠯᠤᠰ᠎ᠤᠨ ᠠᠮᠤ ᠪᠤᠳᠠᠭ᠎ᠠ ᠪᠠ ᠡᠳ᠋ ᠪᠣᠳᠠᠰ ᠨᠥᠭᠡᠴᠡᠯᠡᠬᠦ ᠲᠣᠪᠴᠢᠶ᠎ᠠ ᠯᠣᠭ᠎ᠠ ᠬᠠᠮᠲᠤᠷᠠᠵᠤ ᠪᠠᠢᠭᠠᠳ ᠨᠡᠬᠡᠮᠡᠯ ᠤᠭᠤᠲᠠ᠂ ᠨᠡᠢᠯᠡᠮᠡᠯ ᠪᠦᠷᠬᠦᠪᠴᠢ᠎ᠶᠢᠨ ᠨᠡᠬᠡᠮᠡᠯ ᠪᠥᠰ᠂ ᠣᠷᠳᠣ᠌ ᠰᠢᠷᠬᠡᠭᠲᠦ ᠰᠢᠷᠣᠢ ᠣᠭᠣᠳᠠᠯᠬᠣ ᠪᠥᠰ᠂ ᠦᠶᠡᠷ᠎ᠢ ᠰᠡᠷᠭᠡᠢᠯᠡᠬᠦ ᠬᠠᠷ᠎ᠠ ᠲᠤᠭᠤᠯᠭᠠᠨ ᠲᠣᠣᠷ᠂ ᠠᠶᠤᠯ᠎ᠠᠴᠠ ᠠᠪᠤᠷᠠᠬᠤ ᠣᠩᠭᠣᠴᠠ ᠰᠠᠯ᠂ ᠤᠰᠤ ᠭᠠᠳᠠᠭ᠍ᠰᠢᠯᠠᠭᠣᠯᠬᠣ ᠬᠥᠭᠡᠷᠭᠡ᠂ ᠴᠠᠬᠢᠯᠭᠠᠨ ᠡᠬᠦᠰᠭᠡᠭᠦᠷ᠂ ᠭᠡᠷᠡᠯᠳᠦᠭᠦᠯᠬᠦ᠌ ᠲᠥᠬᠦᠭᠡᠷᠦᠮᠵᠢ ᠵᠡᠷᠭᠡ ᠪᠠᠴᠢᠮ ᠪᠠᠢᠳᠠᠯ᠎ᠢ ᠠᠷᠭᠠᠴᠠᠭᠠᠵᠤ ᠭᠠᠮᠰᠢᠭ᠋᠎ᠠᠴᠠ ᠠᠪᠤᠷᠠᠬᠤ᠎ᠪᠠᠷ ᠲᠥᠪ᠎ᠦᠨ ᠪᠠᠭᠣᠯᠭᠠᠭ᠍ᠰᠠᠨ 1.3 ᠲᠦᠮᠡ ᠭᠠᠷᠤᠢ ᠡᠳ᠋ ᠪᠣᠳᠠᠰ (ᠦᠶᠡᠷ᠎ᠢ ᠰᠡᠷᠭᠡᠢᠯᠡᠵᠦ ᠭᠠᠩ ᠬᠠᠭ᠍ᠰᠠᠷᠠᠭᠠᠨ ᠲᠠᠢ ᠲᠡᠮᠡᠴᠡᠬᠦ᠌ ᠲᠥᠷᠥᠯ )᠎ᠢ ᠰᠢᠯᠵᠢᠭᠦᠯᠦᠨ ᠦᠭ᠌ᠴᠦ᠂ ᠥᠪᠥᠷ ᠮᠣᠩᠭᠣᠯ᠎ᠤᠨ ᠦᠶᠡᠷ᠎ᠲᠠᠢ ᠲᠡᠮᠡᠴᠡᠵᠦ ᠠᠶᠤᠯ᠎ᠠᠴᠠ ᠠᠪᠤᠷᠠᠬᠤ ᠠᠵᠢᠯ᠎ᠢ ᠰᠠᠢᠲᠤᠷ ᠬᠢᠬᠦ᠎ᠶ᠋ᠢ ᠳᠡᠮᠵᠢᠪᠡ᠃ 

 

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ
Baidu
map