ᠲᠡᠷᠢᠭᠦᠨ ᠬᠠᠭᠤᠳᠠᠰᠤ   -   ᠵᠢᠷᠤᠭᠲᠤ᠌ ᠮᠡᠳᠡᠭᠡ
ᠰᠦᠨ ᠱᠣᠣ ᠴᠧᠩ ᠠᠯᠠᠱ᠌ᠠ ᠠᠢ᠌ᠮᠠᠭ᠎ᠲᠤ ᠡᠯᠡᠰᠦᠷᠬᠡᠭᠵᠢᠯ᠎ᠢ ᠰᠡᠷᠭᠡᠢ᠌ᠯᠡᠨ ᠡᠯᠡᠰᠦ ᠵᠢ ᠵᠠᠰᠠᠬᠤ ᠠᠵᠢᠯ᠎ᠢ ᠪᠠᠢ᠌ᠴᠠᠭ᠋ᠠᠨ ᠰᠤᠳᠤᠯᠪᠠ
ᠨᠡᠶ᠋ᠢᠲᠡᠯᠡᠭᠰᠡᠨ ᠴᠠᠭ᠄ 2025-03-20

    ᠤᠷᠢᠬᠠᠨ ᠬᠠᠪᠤᠷ ᠰᠠᠭ᠋ᠠᠲᠠᠬᠤ᠎ᠪᠠᠷ ᠤᠮᠠᠷᠠᠲᠤ ᠬᠢᠯᠢ᠎ᠳᠤ ᠡᠯᠡᠰᠦ ᠵᠢ ᠵᠠᠰᠠᠵᠤ ᠶᠠᠭ᠋ᠠᠷᠠᠨ᠎ᠠ᠃ 3 ᠰᠠᠷ᠎ᠠ ᠵᠢᠨ 17᠎ᠠᠴᠠ 19᠎ᠤ ᠡᠳᠦᠷ ᠪᠤᠯᠲᠠᠯ᠎ᠠ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠱᠦᠵᠢ ᠰᠦᠨ ᠱᠤᠤ ᠴᠧᠩ ᠠᠯᠠᠱ᠌ᠠ ᠵᠡᠭᠦᠨ ᠬᠣᠰᠢᠭᠤ ᠪᠣᠯᠣᠨ ᠠᠯᠠᠱ᠌ᠠ ᠪᠠᠷᠠᠭᠤᠨ ᠬᠣᠰᠢᠭᠤᠨ᠎ᠳᠤ ᠬᠦᠷᠴᠦ᠂ ᠤᠯᠠᠭ᠋ᠠᠨᠪᠤᠬ᠎ᠠ ᠵᠢᠨ ᠡᠯᠡᠰᠦ᠂ ᠪᠠᠳᠠᠢ ᠵᠢᠨ ᠵᠢᠷᠠᠨ᠎ᠤ ᠡᠯᠡᠰᠦ ᠪᠣᠯᠣᠨ ᠲᠡᠭᠷᠢ ᠡᠯᠡᠰᠦᠨ᠎ᠳᠤ ᠭᠦᠨᠵᠡᠭᠡᠢ᠌ᠷᠡᠨ᠂ ᠡᠯᠡᠰᠦᠷᠬᠡᠭᠵᠢᠯ᠎ᠢ ᠰᠡᠷᠭᠡᠢ᠌ᠯᠡᠨ ᠡᠯᠡᠰᠦ ᠵᠢ ᠵᠠᠰᠠᠬᠤ ᠠᠵᠢᠯ᠎ᠤᠨ ᠲᠣᠭᠣᠷᠢᠨ᠎ᠳᠤ ᠪᠠᠢ᠌ᠴᠠᠭ᠋ᠠᠨ ᠰᠤᠳᠤᠯᠤᠯᠲᠠ ᠬᠢᠪᠡ᠃

孙绍骋1.jpg



孙绍骋2.jpg


孙绍骋3.jpg



孙绍骋4.jpg



    ᠭᠤᠷᠪᠠᠨ ᠶᠡᠬᠡ ᠡᠯᠡᠰᠦᠨ ᠴᠥᠯ᠎ᠤᠨ ᠵᠠᠬ᠎ᠠ ᠵᠢ᠎ᠨᠢ ᠬᠤᠮᠢᠵᠤ ᠵᠠᠰᠠᠭᠰᠠᠨ ᠣᠶ ᠰᠢᠭᠤᠢ ᠡᠪᠡᠰᠦᠨ᠎ᠤ ᠪᠦᠰᠡ ᠵᠢᠨ ᠪᠦᠲᠦᠭᠡᠨ ᠪᠠᠢ᠌ᠭᠤᠯᠤᠯᠲᠠ ᠵᠢᠨ ᠪᠠᠷᠢᠯᠭ᠎ᠠ ᠵᠢᠨ ᠲᠤᠬᠠᠢ ᠵᠢᠨ ᠲᠠᠯᠠᠪᠠᠶ᠎ᠳᠤ ᠬᠦᠷᠬᠦ᠎ᠳᠤ ᠮᠥᠷ ᠮᠥᠷ ᠵᠶ᠋ᠡᠷ ᠵᠢᠭᠳᠡᠷᠡᠭᠰᠡᠨ ᠳᠥᠷᠪᠡᠯᠵᠢᠯᠡᠨ ᠳᠠᠷᠢᠭᠰᠠᠨ ᠡᠪᠡᠰᠦᠨ ᠬᠠᠰᠢᠯᠭ᠎ᠠ ᠨᠢᠳᠦᠨ᠎ᠳᠤ ᠲᠣᠳᠣᠷᠠᠵᠤ᠂ ᠡᠯᠡᠰᠦᠷᠬᠡᠭᠵᠢᠯ᠎ᠢ ᠵᠠᠰᠠᠬᠤ ᠠᠵᠢᠯᠴᠢᠨ ᠪᠣᠯᠣᠨ ᠡᠯᠡᠰᠦᠷᠬᠡᠭᠵᠢᠯ᠎ᠢ ᠰᠡᠷᠭᠡᠢ᠌ᠯᠡᠨ ᠡᠯᠡᠰᠦ ᠵᠢ ᠵᠠᠰᠠᠬᠤ ᠡᠯ᠎ᠡ ᠲᠥᠷᠥᠯ᠎ᠤᠨ ᠮᠠᠰᠢᠨ ᠲᠥᠬᠦᠭᠡᠷᠦᠮᠵᠢ ᠶᠠᠭ᠋ᠠᠷᠠᠯᠲᠠᠢ ᠠᠵᠢᠯᠯᠠᠵᠤ᠂ ᠠᠢ᠌ᠮᠠᠭ ᠬᠣᠰᠢᠭᠤ ᠬᠣᠶᠠᠷ ᠱᠠᠲᠤᠨ᠎ᠤ ᠪᠠᠢ᠌ᠭᠤᠯᠭ᠎ᠠ ᠪᠣᠯᠣᠨ ᠠᠵᠤ ᠠᠬᠤᠢ᠌ᠯᠠᠯ ᠠᠵᠢᠯ ᠦᠢ᠍ᠯᠡᠰ᠎ᠤᠨ ᠨᠢᠭᠡᠴᠢ ᠵᠢᠨ ᠺᠠᠳ᠋ᠷ ᠠᠵᠢᠯᠲᠠᠨ ᠥᠪᠡᠷ ᠥᠪᠡᠷ᠎ᠤᠨ ᠠᠯᠪᠠᠨ ᠵᠢᠷᠤᠮ᠎ᠤᠨ ᠡᠯᠡᠰᠦᠷᠬᠡᠭᠵᠢᠯ᠎ᠢ ᠵᠠᠰᠠᠬᠤ ᠬᠠᠷᠢᠭᠤᠴᠠᠯᠭ᠎ᠠ ᠵᠢᠨ ᠣᠷᠣᠨ᠎ᠳᠤ ᠭᠦᠷ ᠬᠥᠭᠵᠢᠶᠡᠨᠲᠡᠢ ᠠᠵᠢᠯᠯᠠᠵᠤ ᠪᠠᠢ᠌ᠯ᠎ᠠ᠃ ᠰᠦᠨ ᠱᠤᠤ ᠴᠧᠩ ᠡᠯᠡᠰᠦᠨ᠎ᠤ ᠬᠠᠯᠬᠠᠪᠴᠢ ᠳᠡᠪᠢᠰᠦᠭᠰᠡᠨ ᠪᠠᠢ᠌ᠳᠠᠯ ᠪᠣᠯᠣᠨ ᠡᠮᠦᠨ᠎ᠡ᠎ᠨᠢ ᠳᠠᠷᠢᠭᠰᠠᠨ ᠤᠷᠭᠤᠮᠠᠯ᠎ᠤᠨ ᠬᠤᠴᠢᠯᠭ᠎ᠠ ᠵᠢᠨ ᠤᠷᠭᠤᠴᠠ ᠵᠢᠨ ᠪᠠᠢ᠌ᠳᠠᠯ᠎ᠢ ᠨᠠᠷᠢᠨ ᠬᠢᠨᠠᠮᠠᠭ᠋ᠠᠢ ᠪᠠᠢ᠌ᠴᠠᠭ᠋ᠠᠨ ᠦᠵᠡᠵᠦ᠂ ᠲᠤᠬᠠᠢ ᠵᠢᠨ ᠲᠠᠯᠠᠪᠠᠢ ᠵᠢᠨ ᠺᠠᠳ᠋ᠷ ᠤᠯᠠᠨ ᠲᠦᠮᠡᠨ᠎ᠲᠠᠢ ᠰᠠᠨᠠᠯ ᠵᠶ᠋ᠠᠨ ᠭᠦᠨᠵᠡᠭᠡᠢ ᠰᠣᠯᠢᠯᠴᠠᠵᠤ᠂ ᠲᠦᠭᠦᠬᠡᠢ ᠮᠠᠲ᠋ᠧᠷᠢᠶᠠᠯ᠎ᠤᠨ ᠢᠷᠡᠯᠲᠡ᠂ ᠡᠯᠡᠰᠦ ᠵᠢ ᠵᠠᠰᠠᠬᠤ ᠥᠪᠡᠷ᠎ᠤᠨ ᠦᠷᠳᠡᠭ᠂ ᠬᠥᠯᠥᠰᠦᠨ ᠠᠵᠢᠯ᠎ᠤᠨ ᠣᠷᠣᠯᠭ᠎ᠠ ᠪᠣᠯᠣᠨ ᠵᠠᠰᠠᠯᠲᠠ ᠵᠢᠨ ᠠᠬᠢᠴᠠ ᠵᠡᠷᠭᠡ ᠪᠠᠢ᠌ᠳᠠᠯ᠎ᠢ ᠨᠠᠷᠢᠨ ᠯᠠᠪᠯᠠᠨ ᠠᠰᠠᠭᠤᠭᠰᠠᠨ ᠪᠥᠭᠡᠳ ᠤᠯᠠᠨ᠎ᠲᠠᠢ ᠬᠠᠮᠲᠤ ᠬᠦᠷᠵᠡ ᠠᠳᠬᠤᠨ ᠨᠦᠬᠡ ᠤᠬᠤᠵᠤ ᠵᠠᠭ ᠮᠣᠳᠣ ᠵᠢᠨ ᠴᠢᠬᠢ ᠵᠠᠢ᠌ᠯᠠᠪᠠ᠃ ᠲᠡᠷᠡ᠂ ᠬᠦᠴᠦᠨ ᠵᠶ᠋ᠡᠨ ᠲᠥᠪᠯᠡᠷᠡᠭᠦᠯᠦᠨ ᠪᠠᠳᠠᠢ ᠵᠢᠨ ᠵᠢᠷᠠᠨ᠂ ᠲᠡᠭᠷᠢ᠂ ᠤᠯᠠᠭ᠋ᠠᠨᠪᠤᠬ᠎ᠠ ᠵᠢᠨ ᠡᠯᠡᠰᠦᠨ ᠴᠦᠯ᠎ᠤᠨ ᠬᠥᠪᠡᠭᠡᠨ᠎ᠳᠠᠬᠢ ᠰᠠᠯᠬᠢ ᠵᠢ ᠰᠡᠷᠭᠡᠢ᠌ᠯᠡᠵᠦ ᠡᠯᠡᠰᠦ ᠵᠢ ᠬᠣᠷᠢᠭᠯᠠᠬᠤ ᠪᠦᠰᠡ ᠵᠢᠨ ᠪᠦᠲᠦᠭᠡᠨ ᠪᠠᠢ᠌ᠭᠤᠯᠤᠯᠲᠠ ᠵᠢ ᠠᠬᠢᠭᠤᠯᠵᠤ᠂ ᠳᠤᠲᠠᠭᠤᠳᠠᠯ᠎ᠢ ᠳᠠᠷᠤᠢ ᠲᠦᠷᠭᠡᠨ ᠨᠥᠬᠥᠪᠦᠷᠢᠯᠡᠵᠦ᠂ ᠭᠤᠷᠪᠠᠨ ᠶᠡᠬᠡ ᠡᠯᠡᠰᠦᠨ ᠴᠦᠯ᠎ᠢ ᠦᠨᠡᠨ ᠬᠦ᠌ ᠪᠠᠲᠤ ᠪᠦᠰᠡᠯᠡᠨ ᠬᠣᠷᠢᠭᠯᠠᠬᠤ ᠬᠡᠷᠡᠭᠲᠡᠢ᠃ ᠥᠪᠥᠷ ᠮᠣᠩᠭᠣᠯ᠎ᠤᠨ 100 ᠲᠦᠮᠡᠨ ᠺᠢᠯᠣᠸᠠᠲ᠎ᠤᠨ ᠭᠡᠷᠡᠯᠴᠢ ᠴᠡᠨᠡᠭ ᠵᠶ᠋ᠡᠷ ᠡᠯᠡᠰᠦ ᠵᠢ ᠵᠠᠰᠠᠬᠤ ᠲᠥᠷᠥᠯ ᠵᠦᠢ᠍ᠯ᠎ᠤᠨ ᠲᠤᠬᠠᠢ ᠵᠢᠨ ᠲᠠᠯᠠᠪᠠᠶ ᠪᠠ ᠳᠤᠮᠳᠠᠳᠤ ᠤᠯᠤᠰ᠎ᠤᠨ ᠬᠤᠸᠠ ᠳ᠋ᠢᠶᠠᠨ ᠡᠯᠡᠰᠦ ᠭᠣᠪᠢ ᠴᠦᠯ᠎ᠤᠨ ᠰᠢᠨ᠎ᠡ ᠡᠨᠧᠷᠭᠢ ᠵᠢ ᠭᠠᠳᠠᠭᠰᠢ ᠬᠦᠷᠭᠡᠬᠦ ᠲᠣᠮᠣ ᠰᠠᠭᠤᠷᠢᠨ᠎ᠤ ᠲᠥᠷᠥᠯ ᠵᠦᠢ᠍ᠯ᠎ᠤᠨ ᠲᠤᠬᠠᠢ ᠵᠢᠨ ᠲᠠᠯᠠᠪᠠᠶ᠎ᠳᠤ ᠰᠦᠨ ᠱᠤᠤ ᠴᠧᠩ ᠬᠣᠯᠪᠣᠭᠳᠠᠯ ᠪᠦᠬᠦᠢ ᠪᠠᠢ᠌ᠳᠠᠯ᠎ᠤᠨ ᠲᠠᠨᠢᠯᠴᠠᠭᠤᠯᠭ᠎ᠠ ᠵᠢ ᠰᠣᠨᠣᠰᠴᠤ᠂ ᠲᠥᠷᠥᠯ ᠵᠦᠢ᠍ᠯ᠎ᠤᠨ ᠲᠥᠯᠦᠪᠵᠢᠭᠦᠯᠭᠡ ᠪᠦᠲᠦᠭᠡᠨ ᠪᠠᠢ᠌ᠭᠤᠯᠤᠯᠲᠠ ᠪᠠ ᠡᠵᠡᠩᠨᠡᠯᠲᠡ ᠵᠡᠷᠭᠡ ᠪᠠᠢ᠌ᠳᠠᠯ᠎ᠢ ᠣᠢ᠌ᠯᠠᠭ᠋ᠠᠵᠤ᠂ ᠠᠵᠤ ᠠᠬᠤᠢ᠌ᠯᠠᠯ᠎ᠢ ᠬᠥᠭᠵᠢᠯᠲᠡ ᠵᠢᠨ ᠠᠵᠠ ᠲᠣᠭᠢᠶᠠᠯ᠎ᠢ ᠠᠮᠵᠢᠵᠤ᠂ ᠰᠢᠨ᠎ᠡ ᠵᠢ ᠡᠭᠦᠳᠬᠦ ᠡᠷᠴᠢᠮ ᠵᠶ᠋ᠡᠨ ᠴᠢᠩᠭ᠋ᠠᠷᠠᠭᠤᠯᠵᠤ᠂ ᠶᠡᠬᠡ ᠬᠦᠴᠦ ᠣᠷᠣᠭᠤᠯᠵᠤ ᠪᠠᠢ᠌ᠭ᠋ᠠᠳ ᠡᠨᠧᠷᠭᠢ ᠨᠥᠭᠡᠴᠡᠯᠡᠬᠦ 《ᠪᠣᠭᠣᠮᠢ》 ᠠᠰᠠᠭᠤᠳᠠᠯ᠎ᠢ ᠰᠢᠢ᠍ᠳᠪᠦᠷᠢᠯᠡᠬᠦ ᠬᠡᠷᠡᠭᠲᠡᠢ ᠭᠡᠵᠦ ᠵᠣᠷᠢᠭᠵᠢᠭᠤᠯᠪᠠ᠃ ᠰᠦᠨ ᠱᠤᠤ ᠴᠧᠩ ᠪᠠᠰᠠ ᠠᠯᠠᠱ᠌ᠠ ᠵᠢᠨ ᠠᠮᠢ ᠠᠬᠤᠢ ᠵᠢᠨ ᠡᠯᠡᠰᠦᠨ᠎ᠤ ᠠᠵᠤ ᠦᠢ᠍ᠯᠡᠰ᠎ᠤᠨ ᠦᠵᠡᠭᠦᠯᠭᠡ ᠵᠢᠨ ᠣᠷᠳᠣᠨ᠎ᠳᠤ ᠬᠦᠷᠴᠦ ᠬᠣᠯᠪᠣᠭᠳᠠᠯ ᠪᠦᠬᠦᠢ ᠠᠵᠤ ᠦᠢ᠍ᠯᠡᠰ᠎ᠤᠨ ᠬᠥᠭᠵᠢᠯᠲᠡ ᠵᠢᠨ ᠪᠠᠢ᠌ᠳᠠᠯ᠎ᠢ ᠰᠢᠨᠵᠢᠯᠡᠨ ᠪᠠᠢ᠌ᠴᠠᠭ᠋ᠠᠵᠤ᠂ ᠲᠤᠬᠠᠢ ᠵᠢᠨ ᠭᠠᠵᠠᠷ᠎ᠤᠨ᠎ᠬᠢᠨ᠎ᠢ ᠨᠢᠭᠲᠠᠷᠠᠨ ᠪᠦᠯᠬᠦᠮᠳᠡᠵᠦ ᠳᠠᠪᠠᠭᠤᠯᠢᠭ ᠣᠨᠴᠠᠯᠢᠭᠲᠤ ᠡᠯᠡᠰᠦᠨ᠎ᠤ ᠠᠵᠤ ᠦᠢ᠍ᠯᠡᠰ᠎ᠤᠨ ᠲᠦᠷᠦᠯ ᠲᠡᠮᠳᠡᠭ᠎ᠢ ᠡᠭᠦᠳᠴᠦ᠂ ᠢᠳᠡᠪᠬᠢᠲᠡᠢ᠎ᠪᠠᠷ ᠭᠠᠳᠠᠭᠰᠢ ᠭᠠᠷᠴᠤ ᠵᠠᠬ᠎ᠠ ᠳᠡᠯᠭᠡᠭᠦᠷ ᠵᠶ᠋ᠡᠨ ᠥᠷᠭᠡᠳᠬᠡᠬᠦ ᠬᠡᠷᠡᠭᠲᠡᠢ ᠭᠡᠵᠦ ᠵᠠᠬᠢᠪᠠ᠃

孙绍骋5.jpg


    19᠎ᠤ ᠦᠳᠡ ᠵᠢᠨ ᠬᠣᠢ᠌ᠨ᠎ᠠ᠂ ᠰᠦᠨ ᠱᠤᠤ ᠴᠧᠩ ᠥᠪᠡᠷᠲᠡᠭᠡᠨ ᠵᠠᠰᠠᠬᠤ ᠣᠷᠣᠨ᠎ᠤ ᠪᠠᠷᠠᠭᠤᠨ ᠣᠷᠣᠨ᠎ᠤ ᠡᠯᠡᠰᠦᠷᠬᠡᠭᠵᠢᠯ᠎ᠢ ᠰᠡᠷᠭᠡᠢ᠌ᠯᠡᠨ ᠡᠯᠡᠰᠦ ᠵᠢ ᠵᠠᠰᠠᠬᠤ ᠶᠠᠷᠢᠯᠴᠠᠬᠤ ᠬᠤᠷᠠᠯ᠎ᠢ ᠡᠷᠭᠢᠯᠡᠨ ᠬᠤᠷᠠᠯᠳᠤᠭᠤᠯᠵᠤ᠂ ᠣᠷᠳᠣᠰ ᠬᠤᠳᠠ᠂ ᠪᠠᠶᠠᠨᠨᠠᠭᠤᠷ ᠬᠤᠳᠠ᠂ ᠦᠬᠠᠢ ᠬᠤᠳᠠ᠂ ᠠᠯᠠᠱ᠌ᠠ ᠠᠢ᠌ᠮᠠᠭ ᠪᠣᠯᠣᠨ ᠥᠪᠡᠷᠲᠡᠭᠡᠨ ᠵᠠᠰᠠᠬᠤ ᠣᠷᠣᠨ᠎ᠤ ᠬᠣᠯᠪᠣᠭᠳᠠᠯ ᠪᠦᠬᠦᠢ ᠰᠠᠯᠠᠭ᠎ᠠ ᠮᠥᠴᠢᠷ᠎ᠤᠨ ᠠᠵᠢᠯ᠎ᠤᠨ ᠬᠠᠷᠢᠭᠤ ᠮᠡᠳᠡᠭᠦᠯᠦᠯᠲᠡ ᠵᠢ ᠰᠣᠨᠣᠰᠴᠤ᠂ ᠤᠯᠠᠨ᠎ᠲᠠᠢ ᠬᠠᠮᠲᠤ 《ᠤᠮᠠᠷᠠᠲᠤ ᠵᠢᠨ ᠭᠤᠷᠪᠠᠨ ᠣᠷᠣᠨ》᠎ᠤ ᠢᠨᠵᠧᠨᠧᠷᠢᠩ᠎ᠤᠨ ᠭᠤᠷᠪᠠᠨ ᠶᠡᠬᠡ ᠪᠡᠯᠭᠡ ᠲᠡᠮᠳᠡᠭ᠎ᠤᠨ ᠴᠢᠨᠠᠷᠲᠠᠢ ᠳᠠᠢ᠌ᠯᠠᠯᠳᠤᠭ᠋ᠠᠨ᠎ᠤ ᠢᠯᠠᠯᠲᠠ ᠵᠢ ᠬᠡᠷᠬᠢᠨ ᠨᠡᠩ ᠰᠠᠢ᠌ᠲᠤᠷ ᠲᠡᠮᠡᠴᠡᠨ ᠣᠯᠬᠤ᠂ ᠡᠯᠡᠰᠦᠷᠬᠡᠭᠵᠢᠯ᠎ᠢ ᠰᠡᠷᠭᠡᠢ᠌ᠯᠡᠨ ᠡᠯᠡᠰᠦ ᠵᠢ ᠵᠠᠰᠠᠬᠤ ᠵᠢᠴᠢ ᠬᠣᠯᠪᠣᠭᠳᠠᠯ ᠪᠦᠬᠦᠢ ᠠᠵᠢᠯ᠎ᠢ ᠬᠡᠷᠬᠢᠨ ᠠᠬᠢᠭᠤᠯᠬᠤ ᠲᠤᠬᠠᠢ ᠰᠤᠳᠤᠯᠪᠠ᠃ ᠲᠡᠷᠡ᠂ ᠶᠡᠷᠦᠩᠬᠡᠢ ᠱᠦᠵᠢ ᠰᠢ ᠵᠢᠨ ᠫᠢᠩ ᠡᠯᠡᠰᠦᠷᠬᠡᠭᠵᠢᠯ᠎ᠢ ᠰᠡᠷᠭᠡᠢ᠌ᠯᠡᠨ ᠡᠯᠡᠰᠦ ᠵᠢ ᠵᠠᠰᠠᠬᠤ ᠠᠵᠢᠯ᠎ᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠵᠤ᠂ ᠥᠪᠥᠷ ᠮᠣᠩᠭᠣᠯ᠎ᠳᠤ 《ᠤᠮᠠᠷᠠᠲᠤ ᠵᠢᠨ ᠭᠤᠷᠪᠠᠨ ᠣᠷᠣᠨ》᠎ᠤ ᠢᠨᠵᠧᠨᠧᠷᠢᠩ᠎ᠤᠨ ᠪᠣᠭᠣᠮᠲᠠ ᠰᠢᠪᠲᠤᠯᠬᠤ ᠳᠠᠢ᠌ᠯᠠᠯᠳᠤᠭ᠋ᠠᠨ᠎ᠤ ᠳᠠᠢ᠌ᠴᠢᠯᠠᠯᠲᠠ ᠵᠢᠨ ᠵᠠᠷᠯᠢᠭ ᠪᠠᠭᠤᠯᠭ᠋ᠠᠪᠠ᠃ ᠡᠨᠡ ᠬᠣᠶᠠᠷ ᠵᠢᠯ᠎ᠳᠤ ᠪᠦᠭᠦ ᠣᠷᠣᠨ᠎ᠤ ᠡᠯᠡᠰᠦᠷᠬᠡᠭᠵᠢᠯ᠎ᠢ ᠰᠡᠷᠭᠡᠢ᠌ᠯᠡᠨ ᠡᠯᠡᠰᠦ ᠵᠢ ᠵᠠᠰᠠᠬᠤ ᠠᠵᠢᠯ ᠢᠯᠡᠳᠲᠡ ᠦᠷ᠎ᠡ ᠪᠦᠲᠦᠮᠵᠢ ᠣᠯᠪᠠ᠃ ᠡᠨᠡ ᠵᠢᠯ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ 2000 ᠲᠦᠮᠡᠨ ᠮᠦ᠍᠎ᠠᠴᠠ ᠳᠡᠭᠡᠭᠰᠢᠬᠢ ᠬᠠᠷᠠᠯᠲᠠ ᠵᠢ ᠲᠣᠭᠲᠠᠭ᠋ᠠᠪᠠ᠂ ᠡᠨᠡ ᠪᠣᠯ ᠬᠠᠲᠠᠭᠤ ᠡᠭᠦᠷᠭᠡ ᠮᠥᠨ᠃ ᠬᠣᠯᠪᠣᠭᠳᠠᠯ ᠪᠦᠬᠦᠢ ᠭᠠᠵᠠᠷ ᠣᠷᠣᠨ ᠪᠠ ᠰᠠᠯᠠᠭ᠎ᠠ ᠮᠥᠴᠢᠷ ᠡᠷᠬᠡᠪᠰᠢ ᠴᠢᠩᠭ᠎ᠠ ᠠᠷᠭ᠎ᠠ ᠬᠡᠮᠵᠢᠶ᠎ᠡ ᠠᠪᠴᠤ᠂ ᠰᠢᠷᠭ᠋ᠠᠭᠤ ᠴᠢᠷᠮᠠᠢ᠌ᠨ ᠪᠣᠳᠠᠲᠠᠢ ᠠᠵᠢᠯᠯᠠᠵᠤ᠂ ᠲᠣᠭᠲᠠᠭᠰᠠᠨ ᠬᠤᠭᠤᠴᠠᠭ᠋ᠠᠨ᠎ᠳᠤ ᠪᠡᠶᠡᠯᠡᠭᠦᠯᠬᠦ ᠵᠢ ᠦᠨᠡᠨ ᠬᠦ᠌ ᠪᠠᠲᠤᠯᠠᠬᠤ ᠬᠡᠷᠡᠭᠲᠡᠢ ᠭᠡᠪᠡ᠃

孙绍骋6.jpg

 

    ᠰᠦᠨ ᠱᠤᠤ ᠴᠧᠩ᠂ 《ᠤᠮᠠᠷᠠᠲᠤ ᠵᠢᠨ ᠭᠤᠷᠪᠠᠨ ᠣᠷᠣᠨ》᠎ᠤ ᠢᠨᠵᠧᠨᠧᠷᠢᠩ᠎ᠤᠨ ᠪᠣᠭᠣᠮᠲᠠ ᠰᠢᠪᠲᠤᠯᠬᠤ ᠳᠠᠢ᠌ᠯᠠᠯᠳᠤᠭ᠋ᠠᠨ᠎ᠤ ᠢᠯᠠᠯᠲᠠ ᠵᠢ ᠣᠯᠬᠤ᠎ᠳᠤ ᠴᠡᠷᠢᠭ ᠠᠩᠭᠢ ᠵᠢᠨ ᠪᠠᠢ᠌ᠯᠳᠤᠭ᠋ᠠᠨ ᠬᠢᠬᠦ᠎ᠲᠠᠢ ᠠᠳᠠᠯᠢ᠎ᠪᠠᠷ ᠨᠢᠭᠡ ᠲᠠᠯ᠎ᠠ᠎ᠪᠠᠷ ᠰᠢᠨ᠎ᠡ ᠵᠢᠭᠰᠠᠭ᠋ᠠᠯ᠎ᠤᠨ ᠭᠠᠵᠠᠷ᠎ᠢ ᠪᠦᠭᠦ ᠬᠦᠴᠦᠨ ᠵᠶ᠋ᠡᠷ ᠵᠶ᠋ᠡᠨ ᠲᠡᠮᠡᠴᠡᠨ ᠣᠯᠵᠤ᠂ ᠨᠦᠭᠦᠭᠡ ᠲᠠᠯ᠎ᠠ᠎ᠪᠠᠷ ᠬᠠᠭᠤᠴᠢᠨ ᠵᠢᠭᠰᠠᠭ᠋ᠠᠯ᠎ᠤᠨ ᠭᠠᠵᠠᠷ ᠵᠶ᠋ᠠᠨ ᠪᠠᠲᠤ ᠰᠠᠬᠢᠵᠤ᠂ 《ᠵᠠᠰᠠᠬᠤ》 ᠪᠠ 《ᠬᠠᠮᠠᠭ᠋ᠠᠯᠠᠬᠤ》 ᠠᠵᠢᠯ᠎ᠢ ᠰᠠᠢ᠌ᠲᠤᠷ ᠬᠢᠬᠦ ᠬᠡᠷᠡᠭᠲᠡᠢ᠃ 《ᠵᠠᠰᠠᠬᠤ》 ᠭᠡᠳᠡᠭ᠎ᠨᠢ ᠳᠠᠷᠤᠢ ᠠᠷᠪᠢᠨ ᠲᠦᠷᠭᠡᠨ ᠴᠢᠨᠠᠷᠲᠠᠢ ᠭᠠᠮᠲᠠᠢ᠎ᠪᠠᠷ ᠡᠯᠡᠰᠦᠷᠬᠡᠭᠵᠢᠯ᠎ᠢ ᠰᠡᠷᠭᠡᠢ᠌ᠯᠡᠨ ᠡᠯᠡᠰᠦ ᠵᠢ ᠵᠠᠰᠠᠬᠤ ᠵᠢ ᠠᠬᠢᠭᠤᠯᠬᠤ ᠶᠠᠪᠤᠳᠠᠯ ᠪᠣᠯᠣᠨ᠎ᠠ᠃ ᠱᠠᠯᠠᠪᠳᠠᠨ ᠬᠥᠳᠡᠯᠵᠦ᠂ ᠭᠠᠵᠠᠷ ᠭᠡᠰᠪᠡᠯ ᠳᠠᠷᠤᠢ ᠠᠵᠢᠯ ᠵᠶ᠋ᠡᠨ ᠡᠬᠢᠯᠡᠭᠦᠯᠵᠦ᠂ ᠡᠮᠦᠨ᠎ᠡ᠎ᠠᠴᠠ ᠬᠣᠢ᠌ᠰᠢ᠂ ᠪᠠᠷᠠᠭᠤᠨ᠎ᠠᠴᠠ ᠵᠡᠭᠦᠨᠰᠢ ᠳᠠᠢ᠌ᠯᠠᠯᠳᠤᠭ᠋ᠠᠨ᠎ᠢ ᠳᠠᠷᠤᠢ ᠲᠦᠷᠭᠡᠨ ᠪᠦᠭᠦ ᠲᠠᠯ᠎ᠠ᠎ᠪᠠᠷ ᠬᠢᠬᠦ ᠬᠡᠷᠡᠭᠲᠡᠢ᠃ ᠲᠦᠷᠦᠯ ᠵᠦᠢ᠍ᠯ᠎ᠢ ᠰᠢᠨᠵᠢᠯᠡᠬᠦ ᠤᠬᠠᠭ᠋ᠠᠨᠴᠢ᠎ᠪᠠᠷ ᠪᠠᠢ᠌ᠷᠢᠰᠢᠭᠤᠯᠵᠤ᠂ ᠠᠵᠢᠯ᠎ᠤᠨ ᠬᠤᠭᠤᠴᠠᠭ᠎ᠠ ᠵᠢ ᠵᠣᠬᠢᠰᠲᠠᠢ ᠲᠣᠬᠢᠷᠠᠭᠤᠯᠵᠤ᠂ ᠬᠥᠮᠥᠨ᠎ᠤ ᠬᠦᠴᠦᠨ᠎ᠤ ᠡᠬᠢ ᠪᠠᠶᠠᠯᠢᠭ᠎ᠤᠨ ᠲᠣᠬᠢᠷᠠᠭᠤᠯᠤᠯᠲᠠ ᠵᠢ ᠰᠢᠯᠢᠳᠡᠭᠵᠢᠭᠦᠯᠵᠦ᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ ᠪᠣᠯᠣᠨ ᠮᠠᠰᠢᠨ ᠮᠧᠬᠠᠨᠢᠭ᠎ᠤᠨ ᠬᠦᠴᠦᠨ᠎ᠳᠤ ᠲᠦᠰᠢᠭᠯᠡᠨ ᠦᠷ᠎ᠡ ᠪᠦᠲᠦᠮᠵᠢ ᠵᠢ ᠳᠡᠭᠡᠭᠰᠢᠯᠡᠭᠦᠯᠭᠦ ᠬᠡᠷᠡᠭᠲᠡᠢ᠃ ᠦᠷ᠎ᠡ ᠠᠰᠢᠭ᠎ᠢ ᠡᠷᠬᠢᠮᠯᠡᠵᠦ᠂ ᠲᠤᠬᠠᠢ ᠵᠢᠨ ᠭᠠᠵᠠᠷ᠎ᠠᠴᠠ ᠮᠠᠲ᠋ᠧᠷᠢᠶᠠᠯ ᠠᠪᠬᠤ ᠵᠢ ᠪᠠᠷᠢᠮᠲᠠᠯᠠᠵᠤ᠂ ᠬᠢᠵᠠᠭ᠋ᠠᠷ᠎ᠲᠠᠢ ᠪᠡᠯᠡ ᠮᠥᠩᠭᠥ ᠵᠢ ᠨᠠᠷᠢᠯᠢᠭ ᠭᠠᠮᠲᠠᠢ ᠬᠡᠷᠡᠭᠯᠡᠵᠦ ᠨᠠᠩ ᠣᠯᠠᠨ ᠡᠯᠡᠰᠦ ᠵᠢ ᠵᠠᠰᠠᠬᠤ ᠬᠡᠷᠡᠭᠲᠡᠢ᠃ ᠬᠥᠳᠡᠯᠮᠦᠷᠢᠯᠡᠬᠦ᠎ᠪᠠᠷ ᠲᠡᠳᠬᠦᠮᠵᠢ ᠵᠢ ᠣᠷᠣᠯᠠᠭᠤᠯᠬᠤ ᠶᠠᠪᠤᠳᠠᠯ᠎ᠢ ᠶᠡᠬᠡ᠎ᠪᠠᠷ ᠳᠡᠯᠭᠡᠷᠡᠭᠦᠯᠵᠦ᠂ ᠠᠷᠠᠳ᠎ᠢ ᠪᠠᠶᠠᠵᠢᠭᠤᠯᠤᠨ ᠣᠷᠣᠯᠭ᠎ᠠ ᠵᠢ ᠨᠡᠮᠡᠭᠳᠡᠭᠦᠯᠬᠦ ᠵᠢ ᠠᠬᠢᠭᠤᠯᠬᠤ ᠬᠡᠷᠡᠭᠲᠡᠢ᠃ ᠵᠣᠬᠢᠶᠠᠨ ᠪᠠᠢ᠌ᠭᠤᠯᠬᠤ ᠵᠠᠭᠪᠤᠷ᠎ᠢ ᠰᠢᠯᠢᠳᠡᠭᠵᠢᠭᠦᠯᠵᠦ᠂ ᠡᠯᠡᠰᠦᠷᠬᠡᠭᠵᠢᠯ᠎ᠢ ᠰᠡᠷᠭᠡᠢ᠌ᠯᠡᠨ ᠡᠯᠡᠰᠦ ᠵᠢ ᠵᠠᠰᠠᠬᠤ ᠪᠠ ᠰᠠᠯᠬᠢᠨ ᠬᠦᠴᠦᠨ᠎ᠤ ᠴᠠᠭᠢᠯᠭ᠋ᠠᠨ ᠭᠡᠷᠡᠯᠴᠢ ᠴᠡᠨᠡᠭ᠎ᠢ ᠨᠢᠭᠡ ᠴᠣᠭᠴᠠᠵᠢᠭᠤᠯᠬᠤ ᠢᠨᠵᠧᠨᠧᠷᠢᠩ᠎ᠢ ᠰᠠᠢ᠌ᠲᠤᠷ ᠬᠡᠷᠡᠭᠵᠢᠭᠦᠯᠬᠦ ᠬᠡᠷᠡᠭᠲᠡᠢ᠃ ᠬᠡᠰᠡᠭ ᠭᠠᠵᠠᠷ᠎ᠤᠨ ᠡᠯᠡᠰᠦᠷᠬᠡᠭ ᠭᠠᠵᠠᠷ᠎ᠤᠨ ᠰᠥᠨᠥᠭᠡᠯᠲᠡ ᠵᠢᠨ ᠳᠠᠢ᠌ᠯᠠᠯᠳᠤᠭ᠋ᠠᠨ᠎ᠢ ᠰᠠᠢ᠌ᠲᠤᠷ ᠬᠢᠵᠦ᠂ ᠨᠢᠭᠡ ᠪᠦᠯᠦᠭ ᠪᠡᠯᠭᠡ ᠲᠡᠮᠳᠡᠭ᠎ᠤᠨ ᠴᠢᠨᠠᠷᠲᠠᠢ ᠦᠷ᠎ᠡ ᠪᠦᠲᠦᠭᠡᠯ᠎ᠢ ᠪᠦᠷᠢᠯᠳᠦᠭᠦᠯᠵᠦ᠂ ᠴᠢᠬᠢ ᠮᠣᠳᠣᠨ᠎ᠤ ᠡᠳᠡᠭᠡᠷᠡᠯᠲᠡ ᠵᠢᠨ ᠨᠤᠷᠮ᠎ᠠ ᠵᠢ ᠦᠨᠡᠨ ᠬᠦ᠌ ᠳᠡᠭᠡᠭᠰᠢᠯᠡᠭᠦᠯᠵᠦ᠂ ᠨᠢᠭᠡ ᠬᠡᠰᠡᠭ᠎ᠢ ᠵᠠᠰᠠᠪᠠᠯ ᠨᠢᠭᠡ ᠬᠡᠰᠡᠭ᠎ᠢ ᠪᠡᠬᠢᠵᠢᠭᠦᠯᠬᠦ ᠵᠢ ᠦᠨᠡᠨ ᠬᠦ᠌ ᠪᠠᠲᠤᠯᠠᠬᠤ ᠬᠡᠷᠡᠭᠲᠡᠢ᠃ 《ᠬᠠᠮᠠᠭ᠋ᠠᠯᠠᠬᠤ》 ᠭᠡᠳᠡᠭ᠎ᠨᠢ ᠦᠨᠡᠨ ᠬᠦ᠌ ᠡᠷᠡᠰ ᠬᠠᠲᠠᠭᠤ᠎ᠪᠠᠷ ᠣᠢ ᠰᠢᠭᠤᠢ ᠡᠪᠡᠰᠦ ᠪᠡᠯᠴᠢᠭᠡᠷ᠎ᠢ ᠡᠪᠳᠡᠬᠦ ᠵᠢ ᠬᠣᠷᠢᠭᠯᠠᠬᠤ ᠶᠠᠪᠤᠳᠠᠯ ᠪᠣᠯᠣᠨ᠎ᠠ᠃ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠠᠷᠭ᠎ᠠ ᠪᠠᠷᠢᠯ᠎ᠢ ᠭᠦᠢ᠍ᠴᠡᠳ ᠬᠡᠷᠡᠭᠯᠡᠨ᠂ ᠦᠨᠳᠦᠰᠦᠨ ᠱᠠᠲᠤᠨ᠎ᠤ ᠬᠠᠤᠯᠢ ᠬᠡᠷᠡᠭᠵᠢᠭᠦᠯᠦᠯᠲᠡ ᠵᠢ ᠴᠢᠩᠭ᠋ᠠᠳᠬᠠᠨ᠂ ᠭᠠᠴᠠᠭ᠎ᠠ ᠲᠣᠰᠬᠣᠨ᠎ᠤ 《ᠨᠠᠮ᠎ᠤᠨ ᠡᠭᠦᠷ ᠠᠷᠠᠳ᠎ᠤᠨ ᠵᠥᠪᠯᠡᠯ》᠎ᠤᠨ ᠦᠢ᠍ᠯᠡᠳᠦᠯ᠎ᠢ ᠰᠠᠢ᠌ᠲᠤᠷ ᠪᠠᠳᠠᠷᠠᠭᠤᠯᠵᠤ ᠪᠠᠢ᠌ᠭ᠋ᠠᠳ ᠠᠰᠠᠭᠤᠳᠠᠯ᠎ᠢ ᠴᠠᠭ ᠲᠤᠬᠠᠢ᠎ᠳᠤᠨᠢ ᠢᠯᠡᠷᠡᠭᠦᠯᠵᠦ᠂ ᠡᠪᠳᠡᠯᠡᠭᠡ ᠬᠢᠬᠦ ᠦᠢᠯᠡ ᠠᠵᠢᠯᠯᠠᠭ᠎ᠠ ᠵᠢ ᠬᠠᠤᠯᠢ ᠶᠣᠰᠣᠭ᠋ᠠᠷ ᠴᠢᠩᠭ᠎ᠠ ᠰᠢᠢ᠍ᠳᠬᠡᠬᠦ ᠪᠠ ᠰᠦᠷᠳᠡᠭᠦᠯᠬᠦ ᠬᠡᠷᠡᠭᠲᠡᠢ᠃ ᠤᠬᠠᠭᠤᠯᠭ᠎ᠠ ᠬᠥᠮᠦᠵᠢᠯ᠎ᠢ ᠴᠢᠩᠭ᠋ᠠᠳᠬᠠᠵᠤ᠂ ᠤᠢ ᠰᠢᠭᠤᠢ ᠨᠤᠲᠤᠭ ᠪᠡᠯᠴᠢᠭᠡᠷ᠎ᠢ ᠡᠪᠳᠡᠬᠦ᠎ᠨᠢ ᠵᠢᠭᠰᠢᠯᠲᠡᠢ ᠭᠡᠬᠦ ᠨᠡᠢ᠌ᠭᠡᠮ᠎ᠤᠨ ᠠᠭᠤᠷ ᠠᠮᠢᠰᠬᠤᠯ᠎ᠢ ᠶᠡᠬᠡ᠎ᠪᠠᠷ ᠪᠤᠢ ᠪᠤᠯᠭ᠋ᠠᠬᠤ ᠬᠡᠷᠡᠭᠲᠡᠢ᠃ ᠳᠠᠭ᠋ᠠᠭ᠋ᠠᠴᠠ᠎ᠠᠴᠠ ᠬᠡᠲᠦᠷᠡᠭᠦᠯᠦᠨ ᠮᠠᠯᠵᠢᠬᠤ ᠵᠢ ᠵᠠᠰᠠᠬᠤ ᠲᠣᠭᠲᠠᠴᠠ ᠵᠢ ᠪᠦᠷᠢᠨᠰᠢᠭᠦᠯᠵᠦ᠂ ᠶᠡᠷᠦᠩᠬᠡᠢ᠌ᠯᠡᠭᠰᠡᠨ ᠠᠷᠭ᠎ᠠ ᠪᠣᠳᠣᠯᠭ᠎ᠠ ᠬᠡᠷᠡᠭᠵᠢᠭᠦᠯᠵᠦ᠂ ᠭᠢᠯᠪᠠᠷ ᠪᠤᠰᠤ᠎ᠪᠠᠷ ᠣᠯᠣᠭᠰᠠᠨ ᠡᠯᠡᠰᠦ ᠵᠢ ᠵᠠᠰᠠᠭᠰᠠᠨ ᠦᠷ᠎ᠡ ᠪᠦᠲᠦᠭᠡᠯ᠎ᠢ ᠪᠡᠬᠢᠵᠢᠭᠦᠯᠬᠦ ᠬᠡᠷᠡᠭᠲᠡᠢ᠃ ᠬᠠᠳᠤᠨ ᠭᠣᠣᠯ᠎ᠤᠨ ᠰᠠᠪᠠ ᠭᠠᠵᠠᠷ᠎ᠤᠨ ᠠᠮᠢ ᠠᠬᠤᠢ ᠣᠷᠴᠢᠨ ᠲᠣᠭᠣᠷᠢᠨ᠎ᠤ ᠠᠰᠠᠭᠤᠳᠠᠯ᠎ᠢ ᠴᠡᠭᠴᠡᠯᠡᠨ ᠰᠠᠢ᠌ᠵᠢᠷᠠᠭᠤᠯᠬᠤ ᠠᠬᠢᠴᠠ᠎ᠪᠠᠨ ᠲᠦᠷᠭᠡᠳᠬᠡᠵᠦ᠂ ᠬᠤᠭᠤᠴᠠᠭ᠎ᠠ ᠶᠣᠰᠣᠭ᠋ᠠᠷ ᠬᠠᠭᠤᠳᠠᠰᠤ ᠲᠤᠰᠢᠶᠠᠵᠤ ᠳᠠᠩᠰᠠ ᠮᠡᠳᠡᠭᠦᠯᠬᠦ ᠬᠡᠷᠡᠭᠲᠡᠢ ᠭᠡᠵᠦ ᠬᠡᠯᠡᠪᠡ᠃

    ᠬᠠᠮᠤᠭ᠎ᠤᠨ ᠡᠴᠦᠰ᠎ᠲᠤ ᠰᠦᠨ ᠱᠤᠤ ᠴᠧᠩ ᠲᠥᠪ᠎ᠤᠨ ᠨᠠᠢ᠍ᠮᠠᠨ ᠲᠣᠭᠲᠠᠭ᠋ᠠᠯ᠎ᠤᠨ ᠵᠣᠷᠢᠭ ᠰᠠᠨᠠᠭ᠎ᠠ ᠵᠢ ᠭᠦᠨᠵᠡᠭᠡᠢ ᠲᠤᠭᠤᠰᠢᠯᠠᠭᠤᠯᠬᠤ ᠰᠤᠷᠤᠯᠴᠠᠯᠭ᠎ᠠ ᠬᠥᠮᠦᠵᠢᠯ᠎ᠢ ᠥᠷᠨᠢᠭᠦᠯᠬᠦ ᠲᠤᠬᠠᠢ ᠱᠠᠭ᠋ᠠᠷᠳᠠᠯᠭ᠎ᠠ ᠳᠤᠷᠠᠳᠴᠠᠢ᠃ ᠲᠡᠷᠡ᠂ ᠡᠯ᠎ᠡ ᠱᠠᠲᠤᠨ᠎ᠤ ᠨᠠᠮ᠎ᠤᠨ ᠬᠣᠷᠢᠶ᠎ᠠ (ᠨᠠᠮ᠎ᠤᠨ ᠤᠳᠤᠷᠢᠳᠬᠤ ᠳᠤᠭᠤᠢ᠌ᠯᠠᠩ) ᠵᠢᠨ ᠱᠦᠵᠢ ᠨᠢᠭᠡᠳᠦᠭᠡᠷ ᠬᠠᠷᠢᠭᠤᠴᠠᠯᠭ᠋ᠠᠲᠠᠨ᠎ᠤ ᠬᠠᠷᠢᠭᠤᠴᠠᠯᠭ᠎ᠠ᠎ᠪᠠᠨ ᠪᠠᠲᠤ ᠡᠭᠦᠷᠭᠡᠯᠡᠵᠦ᠂ ᠬᠠᠷᠠᠯᠲᠠ ᠴᠢᠭᠯᠡᠯ᠎ᠢ ᠰᠠᠢ᠌ᠲᠤᠷ ᠡᠵᠡᠮᠳᠡᠵᠦ᠂ ᠨᠢᠭᠡᠳᠦᠯᠲᠡᠢ ᠲᠥᠯᠥᠪᠵᠢᠭᠦᠯᠦᠨ ᠵᠣᠬᠢᠴᠠᠭᠤᠯᠬᠤ ᠵᠢ ᠰᠠᠢ᠌ᠲᠤᠷ ᠠᠳᠬᠤᠵᠤ᠂ ᠵᠢᠱ᠌ᠢᠶ᠎ᠡ ᠦᠵᠡᠭᠦᠯᠦᠨ ᠬᠥᠲᠥᠯᠥᠨ ᠳᠠᠭ᠋ᠠᠭᠤᠯᠬᠤ ᠵᠢ ᠰᠠᠢ᠌ᠲᠤᠷ ᠬᠢᠵᠦ᠂ ᠰᠤᠷᠤᠯᠴᠠᠬᠤ ᠪᠠᠢ᠌ᠴᠠᠭ᠋ᠠᠬᠤ ᠥᠭᠡᠷᠡᠴᠢᠯᠡᠬᠦ ᠡᠯ᠎ᠡ ᠵᠦᠢ᠍ᠯ᠎ᠤᠨ ᠠᠵᠢᠯ᠎ᠢ ᠪᠣᠳᠠᠲᠠᠢ ᠠᠳᠬᠤᠨ ᠲᠤᠢ᠌ᠯᠪᠤᠷᠢᠲᠠᠢ ᠠᠳᠬᠤᠵᠤ᠂ ᠰᠤᠷᠤᠯᠴᠠᠯᠭ᠎ᠠ ᠬᠥᠮᠦᠵᠢᠯ᠎ᠢ ᠬᠦᠴᠦᠲᠡᠢ ᠡᠮᠬᠢ ᠵᠢᠷᠤᠮ᠎ᠲᠠᠢ ᠥᠷᠨᠢᠭᠦᠯᠬᠦ ᠵᠢ ᠠᠬᠢᠭᠤᠯᠬᠤ ᠬᠡᠷᠡᠭᠲᠡᠢ ᠭᠡᠵᠦ ᠬᠡᠯᠡᠪᠡ᠃

    ᠢᠦᠢ ᠯᠢ ᠰᠢᠨ ᠠᠵᠢᠯᠯᠠᠭ᠎ᠠ᠎ᠳᠤ ᠣᠷᠣᠯᠴᠠᠵᠠᠢ᠃

ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ
Baidu
map