《ᠠᠤᠬᠠᠨ᠎ᠤ ᠨᠠᠷᠢᠮᠤ》 ᠪᠦᠭᠦ ᠤᠯᠤᠰ᠎ᠲᠤ ᠠᠯᠳᠠᠷᠰᠢᠭ᠍ᠰᠠᠨ ᠨᠢ᠂ ᠤᠯᠠᠭᠠᠨᠬᠠᠳᠠ ᠬᠣᠲᠠ᠎ᠶᠢᠨ ᠲᠠᠷᠢᠶᠠᠯᠠᠩ ᠮᠠᠯ ᠠᠵᠤ ᠠᠬᠤᠢ᠎ᠶᠢᠨ ᠨᠠᠷᠠᠲᠤ ᠲᠡᠮᠳᠡᠭ᠎ᠦᠨ ᠪᠦᠲᠦᠭᠡᠨ ᠪᠠᠢᠭᠤᠯᠤᠯᠲᠠ᠎ᠶᠢ ᠶᠡᠬᠡ ᠬᠦᠴᠦᠨ᠎ᠢᠶᠡᠷ ᠠᠬᠢᠭᠤᠯᠵᠤ ᠪᠣᠳᠠᠲᠠᠢ᠎ᠶᠢ ᠡᠷᠬᠢᠮᠯᠡᠭᠰᠡᠨ ᠠᠵᠢᠯᠯᠠᠭ᠎ᠠ᠎ᠳᠤ ᠪᠤᠶ᠃ ᠲᠠᠷᠢᠶᠠᠯᠠᠩ ᠮᠠᠯ ᠠᠵᠤ ᠠᠬᠤᠢ᠎ᠶᠢᠨ ᠲᠣᠮᠣ᠌ ᠬᠣᠲᠠ ᠪᠣᠯᠤᠭᠰᠠᠨ᠎ᠤ ᠬᠤᠪᠢ᠎ᠳᠤ᠂ ᠤᠯᠠᠭᠠᠨᠬᠠᠳᠠ᠎ᠶᠢᠨ ᠠᠮᠤ ᠪᠤᠳᠠᠭᠠᠨ᠎ᠤ ᠤᠨᠠᠯᠲᠠ ᠨᠢ ᠣᠯᠠᠨ ᠵᠢᠯ ᠳᠠᠷᠠᠭᠠᠯᠠᠨ 100 ᠳ᠋ᠦᠩᠰᠢᠭᠤᠷ ᠵᠢᠩ᠎ᠡᠴᠡ ᠳᠡᠭᠡᠭᠰᠢ ᠪᠠᠢᠬᠤ᠎ᠶᠢ ᠪᠠᠲᠤᠯᠠᠪᠠ; 2025 ᠣᠨ᠎ᠳᠤ ᠮᠠᠯ᠎ᠤᠨ ᠲᠣᠭ᠎ᠠ ᠲᠣᠯᠣᠭᠠᠢ 2409.5 ᠲᠦᠮᠡ᠎ᠳᠦ ᠬᠦᠷᠴᠦ᠂ ᠪᠦᠭᠦ ᠣᠷᠣᠨ᠎ᠤ ᠲᠡᠷᠢᠭᠦᠨ᠎ᠳᠦ ᠣᠷᠣᠪᠠ᠃ 《ᠵᠣᠣ ᠤᠳᠠ᠎ᠶᠢᠨ ᠬᠣᠨᠢᠨ ᠮᠢᠬ᠎ᠠ》 《ᠠᠤᠬᠠᠨ᠎ᠤ ᠨᠠᠷᠢᠮᠤ》 《ᠤᠯᠠᠭᠠᠨᠬᠠᠳᠠ᠎ᠶᠢᠨ ᠲᠥᠪᠡᠳ ᠬᠠᠰᠢ》 ᠵᠡᠷᠭᠡ ᠴᠢᠨᠠᠷ ᠰᠠᠢᠲᠠᠢ ᠪᠦᠲᠦᠭᠡᠭᠳᠡᠬᠦᠨ᠎ᠢ ᠬᠡᠷᠬᠢᠨ ᠤᠯᠠᠭᠠᠨᠬᠠᠳᠠ᠎ᠠᠴᠠ ᠭᠠᠷᠭᠠᠵᠤ᠂ ᠪᠦᠭᠦ ᠤᠯᠤᠰ ᠲᠡᠷᠡᠴᠢᠯᠡᠨ ᠳᠡᠯᠡᠬᠡᠢ ᠳ᠋ᠠᠬᠢᠨ᠎ᠳᠤ ᠠᠯᠳᠠᠷᠰᠢᠭᠤᠯᠬᠤ ᠨᠢ ᠠᠵᠤ ᠦᠢᠯᠡᠰ᠎ᠦᠨ ᠲᠠᠰ ᠳᠠᠪᠰᠢᠯᠲᠠ᠂ ᠲᠠᠷᠢᠶᠠᠴᠢᠨ ᠮᠠᠯᠴᠢᠨ᠎ᠤ ᠣᠷᠣᠯᠭ᠎ᠠ᠎ᠶᠢᠨ ᠨᠡᠮᠡᠭᠳᠡᠯ᠎ᠢ ᠠᠬᠢᠭᠤᠯᠬᠤ᠎ᠶᠢᠨ ᠵᠠᠩᠭᠢᠯᠠᠭ᠎ᠠ ᠪᠣᠯᠪᠠ᠃
ᠤᠯᠠᠭᠠᠨᠬᠠᠳᠠ ᠬᠤᠳᠠ ᠨᠢ ᠣᠷᠣᠨ ᠪᠦᠰᠡ᠎ᠶᠢᠨ ᠨᠡᠶ᠋ᠢᠲᠡ᠎ᠶᠢᠨ ᠬᠡᠷᠡᠭᠯᠡᠭᠡᠨ᠎ᠦ ᠨᠡᠷᠡᠲᠦ ᠲᠡᠮᠳᠡᠭ᠎ᠢᠶᠡᠷ ᠬᠥᠲᠥᠯᠥᠨ ᠳᠠᠭᠠᠭᠤᠯᠵᠤ᠂ ᠮᠠᠯ ᠲᠠᠷᠢᠶᠠᠯᠠᠩ᠎ᠤᠨ ᠭᠠᠷᠤᠯᠲᠠ᠎ᠶᠢᠨ ᠨᠡᠷᠡᠲᠦ ᠳᠡᠮᠳᠡᠭᠵᠢᠯᠲᠡ᠂ ᠪᠠᠷᠢᠮᠵᠢᠶᠠᠵᠢᠯᠲᠠ᠂ ᠠᠵᠤ ᠦᠢᠯᠡᠰᠵᠢᠯᠲᠡ᠎ᠶᠢᠨ ᠭᠦᠨᠵᠡᠭᠡᠢ ᠠᠭᠤᠰᠤᠯᠴᠠᠯ᠎ᠢ ᠠᠬᠢᠭᠤᠯᠵᠤ᠂ 《ᠰᠠᠢᠨ ᠲᠠᠷᠢᠵᠤ ᠴᠢᠳᠠᠬᠤ》᠂ 《ᠰᠠᠢᠨ ᠠᠷᠠᠴᠢᠯᠠᠵᠤ ᠴᠢᠳᠠᠬᠤ》 ᠪᠠᠢᠭᠰᠠᠨ᠎ᠠᠴᠠ 《ᠰᠠᠢᠨ ᠬᠤᠳᠠᠯᠳᠤᠵᠤ ᠴᠢᠳᠠᠬᠤ》 ᠲᠡᠢᠰᠢ ᠠᠯᠤᠰᠯᠠᠭᠰᠠᠨ ᠨᠡᠷᠡᠲᠦ ᠲᠡᠮᠳᠡᠭᠲᠦ ᠲᠠᠷᠢᠶᠠᠯᠠᠩ᠎ᠤᠨ ᠰᠢᠨ᠎ᠡ ᠲᠥᠯᠥᠪ ᠪᠠᠢᠳᠠᠯ᠎ᠢ ᠲᠦᠷᠭᠡᠨ ᠪᠠᠢᠭᠤᠯᠵᠤ ᠪᠤᠢ᠃
ᠠᠯᠢ ᠣᠯᠠᠨ ᠠᠷᠭ᠎ᠠ ᠬᠡᠮᠵᠢᠶ᠎ᠡ ᠠᠪᠤᠭᠰᠠᠨ᠎ᠢᠶᠠᠷ ᠨᠡᠩ ᠤᠯᠠᠨ ᠤᠯᠠᠭᠠᠨᠬᠠᠳᠠ᠎ᠶᠢᠨ ᠮᠠᠯ ᠲᠠᠷᠢᠶᠠᠯᠠᠩ᠎ᠤᠨ ᠭᠠᠷᠤᠯᠲᠠ ᠨᠢ ᠬᠡᠷᠡᠭᠯᠡᠭᠴᠢᠳ᠎ᠦᠨ ᠬᠠᠷᠠᠭᠠᠨ᠎ᠳᠤ ᠣᠷᠣᠪᠠ᠃ ᠨᠢᠩᠴᠧᠩ ᠰᠢᠶᠠᠨ᠎ᠤ ᠭᠤᠸ᠎ᠠ ᠵᠢᠮᠢᠰ ᠨᠣᠭᠣᠭ᠎ᠠ ᠨᠢ ᠪᠡᠭᠡᠵᠢᠩ ᠲᠢᠶᠠᠨᠵᠢᠨ ᠾᠧᠪᠧᠢ᠎ᠶᠢᠨ ᠵᠠᠬ᠎ᠠ ᠳᠡᠯᠭᠡᠭᠦᠷ᠎ᠲᠦ ᠪᠠᠢᠩᠭᠤ ᠪᠣᠷᠣᠯᠠᠭᠤᠯᠤᠭᠳᠠᠵᠤ᠂ ᠰᠦᠩᠱᠠᠨ ᠲᠣᠭᠣᠷᠢᠭ᠋᠎ᠤᠨ ᠥᠩᠭᠡᠲᠦ ᠯᠠᠵᠤᠤ ᠣᠷᠣᠰ᠎ᠲᠤ ᠭᠠᠷᠴᠤ᠂ ᠤᠯᠠᠭᠠᠨᠬᠠᠳᠠ᠎ᠶᠢᠨ ᠢᠳᠡᠰᠢᠨ ᠨᠣᠭᠣᠭ᠎ᠠ ᠵᠢᠮᠢᠰ ᠨᠢ ᠭᠤᠸᠠᠩᠳᠦ᠋ᠩ ᠰᠢᠶᠠᠩᠭᠠᠩ ᠣᠣᠮᠧᠨ᠎ᠦ ᠲᠣᠮᠣ᠌ ᠪᠤᠯᠤᠩ᠎ᠤᠨ ᠣᠷᠣᠨ᠎ᠤ 《ᠨᠣᠭᠣᠭ᠎ᠠ᠎ᠶᠢᠨ ᠰᠠᠭᠰᠤ》᠎ᠳᠤ ᠰᠢᠭᠤᠳ ᠭᠦᠷᠪᠡ ᠁ ᠤᠯᠠᠭᠠᠨᠬᠠᠳᠠ᠎ᠶᠢᠨ ᠣᠨᠴᠠᠯᠢᠭ᠍ᠲᠤ ᠮᠠᠯ ᠲᠠᠷᠢᠶᠠᠯᠠᠩ᠎ᠤᠨ ᠭᠠᠷᠤᠯᠲᠠ ᠲᠦᠷᠭᠡᠨ ᠴᠣᠯᠭᠣᠷᠠᠵᠤ᠂ ᠪᠣᠳᠠᠲᠤ ᠬᠦᠴᠦᠨ᠎ᠢᠶᠠᠷ᠎ᠢᠶᠠᠨ ᠣᠯᠠᠨ᠎ᠤ ᠬᠦᠷᠢᠶᠡᠯᠡᠯ᠎ᠢ ᠣᠯᠪᠠ᠃