1571   -   ᠳᠣᠯᠣᠭᠠᠨ ᠵᠦᠢᠯ᠎ᠦᠨ ᠭᠣᠣᠯᠳᠠᠯᠭ᠎ᠠ ᠪᠣᠯᠬᠤ ᠠᠵᠢᠯ
ᠬᠥᠪᠴᠢ᠎ᠶ᠋ᠢᠨ ᠡᠯᠡᠰᠦ ᠭᠣᠪᠢ ᠴᠦᠯ᠎ᠤᠨ ᠰᠠᠭᠤᠷᠢᠨ᠎ᠡᠴᠡ ᠱᠠᠩᠬᠠᠢ᠂ ᠵᠢᠶᠠᠩᠰᠦ ᠎ᠲᠡᠢ᠌ᠰᠢ ᠴᠠᠬᠢᠯᠭᠠᠨ ᠬᠠᠩᠭ᠋ᠠᠬᠤ ᠡᠬᠢ ᠡᠭᠦᠰᠭᠡᠪᠦᠷᠢ᠎ᠶᠢᠨ ᠲᠥᠰᠦᠯ ᠱᠠᠲᠤᠴᠢ ᠴᠢᠨᠠᠷᠲᠠᠢ ᠠᠬᠢᠯᠲᠠ᠎ᠲᠠᠢ ᠪᠣᠯᠪᠠ
ᠨᠡᠶ᠋ᠢᠲᠡᠯᠡᠭᠰᠡᠨ ᠴᠠᠭ᠄ 2026-02-11

ᠰᠤᠷᠪᠤᠯᠵᠢᠯᠠᠭᠴᠢ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠡᠨᠧᠷᠭᠢ᠎ᠶ᠋ᠢᠨ ᠲᠣᠪᠴᠢᠶ᠎ᠠ᠎ᠠᠴᠠ ᠣᠢᠯᠠᠭᠠᠭᠰᠠᠨ᠎ᠢᠶᠠᠷ᠂ ᠬᠥᠪᠴᠢ᠎ᠡᠴᠡ ᠱᠠᠩᠬᠠᠢ ᠲᠡᠢ᠌ᠰᠢ ᠴᠠᠬᠢᠯᠭᠠᠨ ᠬᠦᠷᠭᠡᠬᠦ᠂ ᠬᠥᠪᠴᠢ᠎ᠡᠴᠡ ᠵᠢᠶᠠᠩᠰᠦ ᠲᠡᠢ᠌ᠰᠢ ᠴᠠᠬᠢᠯᠭ᠋ᠠᠨ ᠬᠦᠷᠭᠡᠬᠦ ᠡᠯᠡᠰᠦ ᠭᠣᠪᠢ ᠴᠦᠯ᠎ᠤᠨ ᠰᠠᠭᠤᠷᠢᠨ᠎ᠤ ᠴᠠᠬᠢᠯᠭᠠᠨ ᠬᠠᠩᠭ᠋ᠠᠬᠤ ᠡᠬᠢ ᠡᠭᠦᠰᠭᠡᠪᠦᠷᠢ᠎ᠶᠢᠨ ᠲᠥᠰᠦᠯ᠎ᠢ ᠠᠬᠢᠭᠤᠯᠬᠤ ᠠᠵᠢᠯ ᠱᠠᠲᠤᠴᠢ ᠴᠢᠨᠠᠷᠲᠠᠢ ᠠᠬᠢᠯᠲᠠ᠎ᠲᠠᠢ ᠪᠣᠯᠪᠠ᠃ ᠵᠢᠱ᠌ᠢᠯᠲᠡ᠎ᠪᠠᠷ 2026 ᠣᠨ᠎ᠤ ᠵᠢᠯ᠎ᠦᠨ ᠡᠴᠦᠰ᠎ᠠᠴᠠ ᠡᠮᠦᠨ᠎ᠡ᠂ ᠢᠵᠢ ᠪᠦᠷᠢᠳᠦᠭᠦᠯᠬᠦ ᠲᠤᠯᠭᠠᠭᠤᠷᠢᠯᠠᠬᠤ ᠴᠢᠨᠠᠷᠲᠠᠢ ᠨᠡᠭᠦᠷᠡᠰᠦᠨ ᠴᠠᠬᠢᠯᠭᠠᠨ᠎ᠢ ᠵᠢᠩᠬᠢᠨᠢ᠎ᠪᠠᠷ ᠠᠵᠢᠯ ᠡᠬᠢᠯᠡᠭᠦᠯᠦᠨ ᠪᠥᠲᠦᠭᠡᠨ ᠪᠠᠶ᠋ᠢᠭᠤᠯᠤᠨ᠎ᠠ᠃

ᠰᠠᠭᠤᠷᠢᠨ᠎ᠢ ᠭᠤᠤᠯᠳᠠᠭᠤ ᠣᠷᠳᠤᠰ ᠬᠤᠲᠠ᠎ᠶ᠋ᠢᠨ ᠬᠥᠪᠴᠢ᠎ᠶ᠋ᠢᠨ ᠡᠯᠡᠰᠦᠨ᠎ᠳᠤ ᠪᠠᠶ᠋ᠢᠷᠢᠰᠢᠭᠤᠯᠵᠤ᠂ ᠡᠭᠦᠨ᠎ᠳᠤ᠂ ᠬᠥᠪᠴᠢ᠎ᠡᠴᠡ ᠱᠠᠩᠬᠠᠢ᠎ᠲᠡᠢ᠌ᠰᠢ ᠴᠠᠬᠢᠯᠭᠠᠨ ᠬᠦᠷᠭᠡᠬᠦ᠌ ᠰᠠᠭᠤᠷᠢᠨ᠎ᠳᠤ ᠲᠦᠯᠥᠪᠵᠢᠭᠦᠯᠥᠨ ᠪᠠᠢ᠌ᠭᠤᠯᠬᠤ ᠬᠡᠷᠡᠯ ᠴᠡᠨᠡᠭ ᠨᠢ 800 ᠲᠦᠮᠡᠨ ᠺᠢᠯᠤᠸᠠᠲ᠂ ᠰᠠᠯᠬᠢᠨ ᠬᠦᠴᠦᠨ᠎ᠤ ᠴᠠᠬᠢᠯᠭᠠᠨ ᠨᠢ 450 ᠲᠦᠮᠡᠨ ᠺᠢᠯᠤᠸᠠᠲ᠂ ᠢᠵᠢ ᠪᠥᠷᠢᠳᠦᠭᠦᠯᠬᠦ᠌ ᠲᠤᠯᠭᠠᠭᠤᠷᠢᠯᠠᠬᠤ ᠴᠢᠨᠠᠷᠲᠠᠢ ᠨᠡᠭᠦᠷᠡᠰᠦᠨ ᠴᠠᠬᠢᠯᠭᠠᠨ ᠨᠢ 264 ᠲᠦᠮᠡᠨ ᠺᠢᠯᠤᠸᠠᠲ᠂ ᠰᠢᠨ᠎ᠡ ᠬᠡᠯᠪᠡᠷᠢ᠎ᠶ᠋ᠢᠨ ᠨᠦᠭᠡᠴᠡ ᠡᠨ᠋ᠸᠷᠬᠢ ᠨᠢ 900 ᠲᠦᠮᠡᠨ ᠺᠢᠯᠤᠸᠠᠲ ᠴᠠᠭ ᠪᠠᠢ᠌ᠵᠤ᠂ ᠶᠡᠷᠦᠩᠬᠡᠢ ᠪᠠᠯᠠ ᠣᠷᠤᠭᠤᠯᠤᠯᠲᠠ᠎ᠨᠢ ᠪᠠᠷᠤᠭ 632 ᠳ᠋ᠦᠩᠰᠢᠭᠤᠷ ᠲᠥᠭᠦᠷᠢᠭ᠎ᠲᠤ ᠬᠦᠷᠴᠡᠢ; ᠬᠥᠪᠴᠢ᠎ᠠᠴᠠ ᠵᠢᠶᠠᠩᠰᠦ ᠲᠡᠢ᠌ᠰᠢ ᠴᠠᠬᠢᠯᠭᠠᠨ ᠬᠦᠷᠭᠡᠬᠦ᠌ ᠰᠠᠭᠤᠷᠢᠨ᠎ᠳᠤ ᠲᠦᠯᠥᠪᠵᠢᠭᠦᠯᠥᠨ ᠪᠠᠢ᠌ᠭᠤᠯᠬᠤ ᠬᠡᠷᠡᠯ ᠴᠡᠨᠡᠭ ᠨᠢ 800 ᠲᠦᠮᠡᠨ ᠺᠢᠯᠤᠸᠠᠲ᠂ ᠰᠠᠯᠬᠢᠨ ᠬᠦᠴᠦᠨ᠎ᠤ ᠴᠠᠬᠢᠯᠭᠠᠨ ᠨᠢ 400 ᠲᠦᠮᠡᠨ ᠺᠢᠯᠤᠸᠠᠲ᠂ ᠢᠵᠢ ᠪᠥᠷᠢᠳᠦᠭᠦᠯᠬᠦ᠌ ᠲᠤᠯᠭᠠᠭᠤᠷᠢᠯᠠᠬᠤ ᠴᠢᠨᠠᠷᠲᠠᠢ ᠨᠡᠭᠦᠷᠡᠰᠦᠨ ᠴᠠᠬᠢᠯᠭᠠᠨ ᠨᠢ 264 ᠲᠦᠮᠡᠨ ᠺᠢᠯᠤᠸᠠᠲ᠂ ᠰᠢᠨ᠎ᠡ ᠬᠡᠯᠪᠡᠷᠢ᠎ᠶ᠋ᠢᠨ ᠨᠦᠭᠡᠴᠡ ᠡᠨ᠋ᠸᠷᠬᠢ ᠨᠢ 816 ᠲᠦᠮᠡᠨ ᠺᠢᠯᠤᠸᠠᠲ ᠴᠠᠭ ᠪᠠᠢ᠌ᠵᠤ᠂ ᠶᠡᠷᠦᠩᠬᠡᠢ ᠪᠠᠯᠠ ᠣᠷᠤᠭᠤᠯᠤᠯᠲᠠ᠎ᠨᠢ ᠪᠠᠷᠤᠭ 642 ᠳ᠋ᠦᠩᠰᠢᠭᠤᠷ ᠲᠥᠭᠦᠷᠢᠭ᠎ᠲᠤ ᠬᠦᠷᠪᠡ᠃

ᠲᠦᠷᠦᠯ ᠵᠦᠢᠯ ᠪᠠᠶ᠋ᠢᠭᠤᠯᠤᠭᠳᠠᠭᠰᠠᠨ᠎ᠤ ᠲᠠᠷᠠᠭ᠎ᠠ᠂ ᠵᠢᠯ ᠪᠦᠷᠢ ᠬᠤᠸᠠᠳᠦ᠋ᠩ ᠣᠷᠤᠨ᠎ᠲᠡᠢ᠌ᠰᠢ ᠪᠠᠷᠤᠭ 720 ᠳ᠋ᠦᠩᠰᠢᠭᠤᠷ ᠺᠢᠯᠤᠸᠠᠲ ᠴᠠᠭ ᠎ᠤᠨ ᠴᠠᠬᠢᠯᠭᠠᠨ ᠬᠦᠷᠭᠡᠵᠦ᠍ ᠪᠣᠯᠤᠨ᠎ᠠ᠂ ᠡᠭᠦᠨ᠎ᠳᠤ ᠰᠢᠨ᠎ᠡ ᠡᠨᠧᠷᠭᠢ᠎ᠶ᠋ᠢᠨ ᠴᠠᠬᠢᠯᠭᠠᠨ᠎ᠤ ᠬᠡᠮᠵᠢᠶᠡᠨ᠎ᠦ ᠡᠵᠡᠯᠡᠬᠦ᠌ ᠬᠠᠷᠢᠴᠠᠯ 60%᠎ᠶ᠋ᠢ ᠳᠠᠪᠠᠵᠤ᠂ ᠵᠢᠯ ᠪᠦᠷᠢ ᠪᠠᠷᠢᠮᠵᠢᠶᠠᠲᠤ᠌ ᠨᠡᠭᠦᠷᠡᠰᠦᠨ᠎ᠤ ᠬᠤᠷᠤᠭᠳᠠᠯ᠎ᠢ ᠪᠠᠷᠤᠭ 1370 ᠲᠦᠮᠡᠨ ᠲᠣᠨ ᠪᠠᠭᠠᠰᠭᠠᠵᠤ᠂ ᠨᠡᠭᠦᠷᠡᠰᠦᠳᠦ᠋ᠷᠦᠭᠴᠢ᠎ᠶᠢᠨ ᠳᠠᠪᠬᠤᠷ ᠢᠰᠦᠯ᠎ᠤᠨ ᠭᠠᠳᠠᠭᠰᠢᠯᠠᠭᠤᠯᠤᠯᠲᠠ᠎ᠶ᠋ᠢ ᠪᠠᠷᠤᠭ 3400 ᠲᠦᠮᠡᠨ ᠲᠣᠨ ᠪᠠᠭᠠᠰᠭᠠᠵᠤ᠂ ᠬᠤᠸᠠᠳᠦ᠋ᠩ ᠣᠷᠤᠨ᠎ᠤ ᠡᠨᠧᠷᠭᠢ᠎ᠶ᠋ᠢᠨ ᠪᠦᠲᠦᠴᠡ᠎ᠶ᠋ᠢᠨ ᠪᠣᠬᠢᠷᠲᠤᠯ᠎ᠦᠭᠡᠢ ᠲᠡᠢ᠌ᠰᠢ ᠬᠡᠯᠪᠡᠷᠢ᠎ᠪᠠᠨ ᠬᠤᠪᠢᠷᠠᠭᠤᠯᠬᠤ ᠪᠠ ᠡᠨᠧᠷᠭᠢ ᠠᠷᠪᠢᠯᠠᠵᠤ ᠪᠣᠬᠢᠷᠲᠤᠯ ᠪᠣᠳᠠᠰ ᠭᠠᠳᠠᠭᠰᠢᠯᠠᠭᠤᠯᠬᠤ ᠬᠡᠮᠵᠢᠶ᠎ᠡ᠎ᠶ᠋ᠢ ᠪᠠᠭᠠᠰᠭᠠᠬᠤ᠎ᠶ᠋ᠢ ᠬᠦᠴᠦᠲᠡᠢ ᠠᠬᠢᠭᠤᠯᠵᠤ᠂ ᠴᠢᠨᠠᠷᠵᠢᠭᠤᠨ ᠴᠠᠬᠢᠯᠭᠠᠨ ᠬᠦᠴᠦᠨ᠎ᠤ ᠡᠬᠢ ᠪᠠᠶᠠᠯᠢᠭ᠎ᠤᠨ ᠣᠷᠤᠨ ᠪᠦᠰᠡ ᠠᠯᠤᠰᠯᠠᠨ ᠰᠢᠯᠢᠳᠡᠭᠵᠢᠭᠦᠯᠦᠨ ᠲᠤᠬᠢᠷᠠᠭᠤᠯᠬᠤ ᠴᠢᠳᠠᠪᠤᠷᠢ᠎ᠶ᠋ᠢ ᠪᠦᠲᠦᠮᠵᠢᠲᠡᠢ ᠳᠡᠭᠡᠭᠰᠢᠯᠡᠭᠦᠯᠵᠦ᠍᠂ ᠬᠤᠸᠠᠳᠦ᠋ᠩ ᠣᠷᠤᠨ᠎ᠤ ᠴᠠᠬᠢᠯᠭᠠᠨ ᠬᠦᠴᠦᠨ᠎ᠤ ᠬᠠᠩᠭᠠᠯᠭ᠎ᠠ ᠪᠠ ᠴᠠᠬᠢᠯᠭᠠᠨ ᠬᠥᠴᠦᠨ᠎ᠦ ᠲᠣᠤᠷ᠎ᠤᠨ ᠠᠮᠤᠷ ᠲᠦᠪᠰᠢᠨ᠎ᠢ ᠪᠠᠲᠤᠯᠠᠬᠤ᠎ᠳᠤ ᠨᠡᠩ ᠰᠠᠶ᠋ᠢᠲᠤᠷ ᠦᠢᠯᠡᠴᠢᠯᠡᠬᠦ᠌ ᠪᠣᠯᠤᠨ᠎ᠠ᠃

 

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠦ ᠠᠯᠪᠠᠨ ᠲᠢᠩᠬᠢᠮ
Baidu
map