| ᠨᠢᠭᠡ᠂ ᠶᠠᠭᠤ ᠶᠢ ᠰᠥᠩ ᠬᠠᠯᠢᠶ᠎ᠠ ᠭᠡᠬᠦ ᠪᠤᠢ︖ |
ᠰᠥᠩ ᠬᠠᠯᠢᠶ᠎ᠠ ᠭᠡᠳᠡᠭ ᠨᠢ ᠭᠤᠣᠯ ᠮᠥᠷᠡᠨ ᠬᠥᠯᠳᠡᠬᠦ ᠠᠴᠠ ᠡᠮᠦᠨ᠎ᠡ᠂ ᠮᠥᠰᠥ ᠪᠣᠯᠣᠨ ᠭᠤᠣᠯ ᠤᠨ ᠤᠰᠤ |
ᠬᠠᠮᠲᠤ ᠤᠷᠤᠰᠬᠤ ᠦᠵᠡᠭᠳᠡᠯ ᠢ ᠵᠢᠭᠠᠵᠤ ᠪᠠᠶᠢᠨ᠎ᠠ᠂ ᠪᠠᠰᠠ ᠭᠤᠣᠯ ᠮᠥᠷᠡᠨ ᠬᠠᠶᠢᠯᠤᠭᠰᠠᠨ ᠤ ᠳᠠᠷᠠᠭ᠎ᠠ ᠮᠥᠰᠥ |
ᠤᠷᠤᠰᠬᠠᠯ ᠳᠠᠭᠠᠤ ᠤᠷᠤᠰᠤᠨ ᠪᠠᠭᠤᠬᠤ ᠦᠵᠡᠭᠳᠡᠯ ᠢ ᠵᠢᠭᠠᠵᠤ ᠪᠠᠶᠢᠨ᠎ᠠ᠃ ᠤᠷᠤᠰᠴᠤ ᠪᠠᠶᠢᠭ᠎ᠠ ᠮᠥᠰᠥ ᠶᠢ ᠰᠥᠩ |
ᠭᠡᠳᠡᠭ ᠤᠴᠢᠷ ᠠᠴᠠ ᠤᠰᠤ ᠪᠤᠶᠤ ᠤᠰᠤᠨ ᠳᠣᠲᠣᠷ᠎ᠠ ᠤᠰᠤ ᠶᠢ ᠳᠠᠭᠠᠵᠤ ᠤᠷᠤᠰᠴᠤ ᠪᠠᠶᠢᠭ᠎ᠠ ᠮᠥᠰᠥ ᠶᠢ ᠰᠥᠩ |
ᠬᠠᠯᠢᠶ᠎ᠠ ᠭᠡᠳᠡᠭ᠃ ᠰᠥᠩ ᠬᠠᠯᠢᠶ᠎ᠠ ᠨᠢ ᠡᠪᠦᠯ ᠤᠨ ᠤᠯᠠᠷᠢᠯ ᠳᠤ ᠮᠥᠰᠥ ᠬᠥᠯᠳᠡᠭᠰᠡᠨ ᠰᠥᠩ ᠬᠠᠯᠢᠶ᠎ᠠ ᠪᠠ |
ᠬᠠᠪᠤᠷ ᠤᠨ ᠤᠯᠠᠷᠢᠯ ᠳᠤ ᠭᠡᠰᠬᠦ ᠰᠥᠩ ᠬᠠᠯᠢᠶ᠎ᠠ ᠭᠡᠵᠦ ᠠᠩᠭᠢᠯᠠᠳᠠᠭ᠃ ᠡᠮᠦᠨᠡᠬᠢ ᠰᠥᠩ ᠬᠠᠯᠢᠶ᠎ᠠ ᠨᠢ ᠮᠥᠰᠥ ᠪᠠ |
ᠮᠥᠰᠥᠨ ᠳᠤ ᠬᠤᠷᠠᠭᠰᠠᠨ ᠢᠶᠠᠷ ᠭᠤᠣᠯᠯᠠᠵᠤ᠂ ᠬᠤᠶᠢᠨᠠᠬᠢ ᠨᠢ ᠮᠥᠰᠥ ᠬᠡᠮᠬᠡᠷᠡᠬᠦ ᠪᠠᠷ ᠭᠤᠣᠯᠯᠠᠳᠠᠭ᠃ ᠬᠠᠲᠤᠨ |
ᠭᠤᠣᠯ ᠤᠨ ᠤᠷᠤᠰᠬᠠᠯ ᠤᠨ ᠰᠦᠩ ᠤᠨ ᠦᠶ᠎ᠡ ᠶᠢᠨ ᠰᠦᠩ ᠬᠠᠯᠢᠶ᠎ᠠ ᠨᠢ ᠬᠥᠯᠳᠡᠬᠦ ᠠᠴᠠ ᠡᠮᠦᠨᠡᠬᠢ ᠰᠦᠩ |
ᠬᠠᠯᠢᠶ᠎ᠠ ᠶᠢ ᠵᠢᠭᠠᠵᠤ ᠪᠠᠶᠢᠨ᠎ᠠ᠃ |
ᠬᠤᠶᠠᠷ᠂ ᠬᠡᠵᠢᠶ᠎ᠡ ᠤᠷᠤᠰᠴᠤ ᠡᠬᠢᠯᠡᠬᠦ ᠪᠤᠢ︖ |
ᠬᠠᠲᠤᠨ ᠭᠤᠣᠯ ᠤᠨ ᠰᠥᠩ ᠬᠠᠯᠢᠶ᠎ᠠ ᠡᠬᠢᠯᠡᠬᠦ ᠡᠳᠦᠷ ᠬᠤᠭᠤᠴᠠᠭ᠎ᠠ ᠭᠡᠳᠡᠭ ᠨᠢ ᠬᠠᠲᠤᠨ ᠭᠤᠣᠯ ᠤᠨ ᠬᠡᠰᠡᠭ |
ᠭᠠᠵᠠᠷ ᠪᠤᠶᠤ ᠣᠭᠲᠣᠯᠤᠭᠠᠰᠤ ᠳᠤ ᠠᠩᠬ᠎ᠠ ᠤᠳᠠᠭ᠎ᠠ ᠬᠠᠯᠢᠶ᠎ᠠ ᠭᠠᠷᠤᠭᠰᠠᠨ ᠡᠳᠦᠷ ᠬᠤᠭᠤᠴᠠᠭ᠎ᠠ ᠶᠢ ᠵᠢᠭᠠᠵᠤ |
ᠪᠠᠶᠢᠨ᠎ᠠ᠃ ᠬᠠᠲᠤᠨ ᠭᠤᠣᠯ ᠳᠤ ᠶᠡᠷᠦ ᠳᠤ ᠪᠠᠨ ᠡᠷᠭᠢ ᠮᠥᠰᠥ ᠪᠤᠶᠤ ᠤᠰᠤᠨ ᠳᠣᠲᠣᠷᠠᠬᠢ ᠮᠥᠰᠥ ᠪᠤᠢ |
ᠪᠣᠯᠤᠭᠰᠠᠨ ᠤ ᠳᠠᠷᠠᠭᠠᠬᠢ 1 — 2 ᠡᠳᠦᠷ ᠤᠨ ᠳᠣᠲᠣᠷ᠎ᠠ ᠬᠠᠯᠢᠶ᠎ᠠ ᠭᠠᠷᠳᠠᠭ᠃ ᠬᠠᠲᠤᠨ ᠭᠤᠤᠯ ᠤᠨ ᠳᠡᠭᠡᠳᠦ |
ᠤᠷᠤᠰᠬᠠᠯ ᠤᠨ ᠰᠦᠩ ᠬᠠᠯᠢᠶ᠎ᠠ ᠢᠯᠡᠷᠡᠬᠦ ᠴᠠᠭ ᠨᠢ ᠵᠢᠯ ᠪᠦᠷᠢ ᠠᠳᠠᠯᠢ ᠦᠭᠡᠢ᠂ ᠰᠦᠩ ᠬᠠᠯᠢᠶ᠎ᠠ ᠶᠢᠨ ᠡᠬᠢᠯᠡᠬᠦ |
ᠴᠠᠭ ᠨᠢ ᠠᠭᠠᠷ ᠤᠨ ᠳᠤᠯᠠᠭᠠᠨ ᠢᠶᠠᠷ ᠲᠣᠭᠲᠠᠭᠠᠭᠳᠠᠵᠤ᠂ ᠥᠪᠥᠷ ᠮᠣᠩᠭᠤᠯ ᠳᠠᠬᠢ ᠭᠤᠣᠯ ᠤᠨ ᠬᠡᠰᠡᠭ ᠤᠨ ᠰᠦᠩ |
ᠬᠠᠯᠢᠶ᠎ᠠ ᠶᠢᠨ ᠡᠬᠢᠯᠡᠬᠦ ᠴᠠᠭ ᠨᠢ ᠶᠡᠷᠦ ᠳᠤ ᠪᠠᠨ ᠵᠢᠯ ᠪᠦᠷᠢ ᠶᠢᠨ 11 ᠳ᠋ᠦ᠋ᠭᠡᠷ ᠰᠠᠷ᠎ᠠ ᠶᠢᠨ ᠳᠤᠮᠳᠠᠴᠢ ᠬᠠᠭᠠᠰ ᠢᠶᠠᠷ |
ᠶᠠᠪᠤᠭᠳᠠᠨ᠎ᠠ᠃ |
ᠭᠤᠷᠪᠠ᠂ ᠰᠦᠩ ᠬᠠᠯᠢᠶ᠎ᠠ ᠶᠢᠨ ᠬᠤᠭᠤᠴᠠᠭ᠎ᠠ ᠪᠠ ᠰᠦᠩ ᠬᠠᠯᠢᠶ᠎ᠠ ᠶᠢᠨ ᠦᠶᠡᠷ ᠤᠨ ᠬᠠᠲᠤᠨ ᠭᠤᠣᠯ ᠨᠢ |
ᠡᠬᠢᠯᠡᠵᠦ ᠰᠦᠩ ᠬᠠᠯᠢᠶ᠎ᠠ ᠭᠠᠷᠤᠭᠰᠠᠨ ᠡᠳᠦᠷ ᠠᠴᠠ ᠡᠬᠢᠯᠡᠭᠡᠳ᠂ ᠬᠡᠰᠡᠭ ᠭᠠᠵᠠᠷ ᠤᠨ ᠭᠤᠣᠯ ᠪᠤᠶᠤ |
ᠣᠭᠲᠣᠯᠤᠭᠠᠰᠤ ᠶᠢ ᠬᠦᠯᠳᠡᠭᠡᠬᠦ ᠡᠳᠦᠷ ᠬᠦᠷᠲᠡᠯ᠎ᠡ᠂ ᠡᠭᠦᠨ ᠢ ᠡᠨᠡ ᠬᠦ᠋ ᠨᠢᠭᠡ ᠴᠠᠭ ᠤᠨ ᠬᠡᠰᠡᠭ ᠢ ᠰᠦᠩ |
ᠬᠠᠯᠢᠶ᠎ᠠ ᠶᠢᠨ ᠬᠤᠭᠤᠴᠠᠭ᠎ᠠ ᠭᠡᠳᠡᠭ᠃ ᠰᠦᠩ ᠬᠠᠯᠢᠶ᠎ᠠ ᠶᠢᠨ ᠬᠤᠭᠤᠴᠠᠭᠠᠨ ᠤ ᠤᠷᠲᠤ ᠣᠬᠤᠷ ᠨᠢ ᠠᠭᠠᠷ ᠤᠨ |
ᠳᠤᠯᠠᠭᠠᠨ ᠤ ᠬᠤᠪᠢᠷᠠᠯᠲᠠ ᠪᠠ ᠤᠷᠤᠰᠬᠠᠯ ᠤᠨ ᠬᠡᠮᠵᠢᠶ᠎ᠡ ᠶᠢᠨ ᠶᠡᠭᠡ ᠪᠠᠭ᠎ᠠ ᠠᠴᠠ ᠲᠣᠭᠲᠠᠭᠠᠭᠳᠠᠨ᠎ᠠ᠂ ᠡᠭᠦᠨ ᠳᠤ |
ᠠᠭᠠᠷ ᠤᠨ ᠳᠤᠯᠠᠭᠠᠨ ᠪᠣᠯ ᠭᠤᠤᠯᠯᠠᠬᠤ ᠦᠢᠯᠡᠳᠦᠯ ᠦᠵᠡᠭᠦᠯᠬᠦ ᠬᠦᠴᠦᠨ ᠵᠦᠢᠯ ᠪᠣᠯᠬᠤᠷ᠂ ᠤᠷᠤᠰᠬᠠᠯ ᠤᠨ |
ᠬᠡᠮᠵᠢᠶ᠎ᠡ ᠶᠢᠨ ᠶᠡᠭᠡ ᠪᠠᠭ᠎ᠠ ᠨᠢ ᠬᠥᠯᠳᠡᠬᠦ ᠬᠤᠭᠤᠴᠠᠭ᠎ᠠ ᠶᠢ ᠤᠷᠢᠳᠴᠢᠯᠠᠬᠤ ᠪᠤᠶᠤ ᠬᠤᠶᠢᠰᠢᠯᠠᠭᠤᠯᠵᠤ ᠪᠣᠯᠤᠨ᠎ᠠ᠃ |
ᠬᠠᠲᠤᠨ ᠭᠤᠤᠯ ᠤᠨ ᠥᠪᠥᠷ ᠮᠣᠩᠭᠤᠯ ᠳᠠᠬᠢ ᠭᠤᠤᠯ ᠤᠨ ᠬᠡᠰᠡᠭ ᠤᠨ ᠰᠦᠩ ᠬᠠᠯᠢᠶ᠎ᠠ ᠶᠢᠨ ᠬᠤᠭᠤᠴᠠᠭᠠᠨ ᠤ |
ᠵᠢᠯ ᠤᠨ ᠳᠤᠮᠳᠠᠴᠢ ᠬᠡᠮᠵᠢᠭᠳᠡᠯ ᠨᠢ 13 ᠡᠳᠦᠷ ︵1971 ᠣᠨ ᠠᠴᠠ 2020 ᠣᠨ ᠪᠣᠯᠲᠠᠯᠠᠬᠢ ᠳᠤᠮᠳᠠᠴᠢ |
ᠬᠡᠮᠵᠢᠭᠳᠡᠯ ᠨᠢ 11 ᠳ᠋ᠦ᠋ᠭᠡᠷ ᠰᠠᠷ᠎ᠠ ᠶᠢᠨ 20 ᠤ ᠡᠳᠦᠷ ᠤᠨ ᠲᠡᠷᠢᠭᠦᠨ ᠤ ᠰᠦᠩ᠂ 12 ᠳ᠋ᠤᠭᠠᠷ ᠰᠠᠷ᠎ᠠ ᠶᠢᠨ 3 ᠤ |
ᠡᠳᠦᠷ ᠤᠨ ᠲᠡᠷᠢᠭᠦᠨ ᠤ ᠪᠢᠲᠡᠭᠦᠮᠵᠢ︶ ᠪᠤᠯᠤᠨ᠎ᠠ᠃ |
ᠬᠠᠯᠢᠶ᠎ᠠ ᠦᠶᠡᠷ ᠤᠨ ᠬᠤᠭᠤᠴᠠᠭ᠎ᠠ ᠶᠢ ᠪᠠᠰᠠ ᠰᠦᠩ ᠤᠨ ᠪᠦᠭᠡᠮ ᠭᠡᠳᠡᠭ᠂ ᠲᠡᠷᠡ ᠨᠢ ᠮᠥᠰᠥ ᠤᠰᠤ ᠶᠢ |
ᠬᠠᠰᠢᠭᠰᠠᠨ ᠠᠴᠠ ᠪᠣᠯᠤᠭᠰᠠᠨ ᠭᠤᠣᠯ ᠮᠥᠷᠡᠨ ᠤ ᠤᠰᠤ ᠥᠰᠬᠦ ᠦᠵᠡᠭᠳᠡᠯ ᠪᠤᠯᠤᠨ᠎ᠠ᠃ ᠳᠥᠭᠦᠮ ᠢᠶᠠᠷ ᠬᠡᠯᠡᠪᠡᠯ᠂ |
ᠤᠰᠤᠨ ᠤ ᠭᠠᠳᠠᠷᠭᠤ ᠨᠢ ᠮᠥᠰᠥ ᠬᠡᠯᠪᠡᠷᠢ ᠲᠠᠢ ᠪᠣᠯᠣᠭᠰᠠᠨ ᠪᠥᠭᠡᠳ ᠮᠥᠰᠥ ᠨᠢ ᠬᠡᠰᠡᠭ ᠢᠶᠠᠷ ᠰᠢᠷᠦᠭᠦᠰᠴᠦ᠂ |
ᠮᠥᠰᠥ ᠨᠢ ᠳᠣᠣᠷᠠᠲᠤ ᠤᠷᠤᠰᠬᠠᠯ ᠥᠭᠡᠳᠡ ᠬᠥᠳᠡᠯᠭᠡᠭᠡᠨ ᠬᠢᠵᠦ᠂ ᠭᠤᠣᠯ ᠤᠨ ᠳᠠᠯᠠᠩ ᠨᠠᠷᠢᠰᠬᠤ ᠦᠶᠡᠰ |
ᠮᠥᠰᠥ ᠨᠢ ᠲᠠᠰᠤᠷᠠᠯᠲᠠ ᠦᠭᠡᠶ ᠣᠪᠣᠭᠠᠷᠠᠵᠤ᠂ ᠬᠠᠰᠢᠯᠭ᠎ᠠ ᠳᠤ ᠳᠡᠩᠳᠡᠭᠦᠦ ᠶᠡᠭᠡ ᠳᠠᠷᠤᠯᠲᠠ ᠪᠣᠯᠵᠤ᠂ ᠬᠠᠯᠢᠶ᠎ᠠ |
ᠦᠶᠡᠷ ᠡᠭᠦᠰᠦᠨ᠎ᠡ᠃ ᠰᠥᠩ ᠨᠢ ᠵᠠᠷᠢᠮ ᠳᠠᠭᠠᠨ ᠮᠥᠰᠥᠨ ᠤᠷᠤᠯᠳᠤᠭᠠᠨ ᠪᠤᠶᠤ ᠮᠥᠰᠥᠨ ᠬᠠᠰᠢᠯᠭ᠎ᠠ ᠪᠣᠯᠣᠨ |
ᠬᠤᠷᠠᠵᠤ᠂ ᠤᠰᠤᠨ ᠤ ᠲᠦᠪᠰᠢᠨ ᠢ ᠶᠡᠭᠡ ᠬᠡᠮᠵᠢᠶ᠎ᠡ ᠪᠠᠷ ᠥᠨᠳᠥᠷ ᠪᠣᠯᠭᠠᠵᠤ᠂ ᠬᠠᠮᠤᠭ ᠡᠴᠦᠰ ᠲᠤ ᠰᠠᠶᠢᠷᠭᠠᠯ ᠪᠤᠶᠤ |
ᠳᠠᠯᠠᠩ ᠰᠡᠲᠡᠷᠡᠬᠦ ᠶᠢ ᠰᠥᠩ ᠦᠶᠡᠷ ᠭᠡᠳᠡᠭ᠃ |
2024 — 2025 ᠣᠨ ᠤ ᠬᠠᠲᠤᠨ ᠭᠤᠤᠯ ᠤᠨ ᠥᠪᠥᠷ ᠮᠣᠩᠭᠤᠯ ᠳᠠᠬᠢ ᠭᠤᠤᠯ ᠤᠨ ᠬᠡᠰᠡᠭ ᠤᠨ |
ᠦᠶᠡᠷ ᠤᠨ ᠬᠤᠭᠤᠴᠠᠭᠠᠨ ᠤ ᠡᠬᠢᠯᠡᠨ ᠤᠷᠤᠰᠬᠤ ᠴᠠᠭ ᠨᠢ 2024 ᠣᠨ ᠤ 11 ᠳ᠋ᠦ᠋ᠭᠡᠷ ᠰᠠᠷ᠎ᠠ ᠶᠢᠨ 27 ᠤ |
ᠡᠳᠦᠷ ᠪᠣᠯᠤᠨ᠎ᠠ᠃ |
|