ᠦᠶᠡᠷ ᠤᠰᠤᠲᠤᠯ ᠤᠨ ᠭᠠᠮᠰᠢᠭ ᠨᠢ ᠠᠷᠠᠳ ᠣᠯᠠᠨ ᠤ ᠠᠮᠢ ᠨᠠᠰᠤ ᠡᠳ᠋ ᠬᠥᠷᠥᠩᠭᠡ ᠶᠢᠨ ᠠᠮᠤᠷ |
ᠲᠦᠪᠰᠢᠨ ᠢ ᠬᠦᠨᠳᠦ ᠨᠣᠴᠢᠲᠠᠢ ᠰᠦᠷᠳᠡᠭᠦᠯᠵᠦ ᠪᠠᠶᠢᠨ᠎ᠠ᠂ ᠡᠭᠦᠨ ᠳᠤ ᠠᠭᠤᠯᠠᠨ ᠦᠶᠡᠷ ᠤᠨ ᠭᠠᠮᠰᠢᠭ ︵ |
ᠠᠭᠤᠯᠠᠷᠬᠠᠭ ᠣᠷᠣᠨ ᠤ ᠭᠤᠷᠤᠬ᠎ᠠ ᠶᠢᠨ ᠭᠤᠤ ᠳᠤ ᠶᠡᠭᠡ ᠡᠭᠦᠰᠦᠭᠰᠡᠨ ᠦᠶᠡᠷ ᠤᠨ ᠤᠰᠤ ᠶᠢ ᠵᠢᠭᠠᠵᠦ ᠪᠤᠢ︶ |
ᠬᠠᠮᠤᠭ ᠤᠨ ᠣᠯᠠᠨ ᠡᠭᠦᠰᠳᠡᠭ ᠪᠦᠭᠡᠳ ᠭᠡᠨᠡᠳᠲᠡ ᠶᠢᠨ ᠡᠭᠦᠰᠬᠦ ᠴᠢᠨᠠᠷ ᠢᠶᠠᠷ ᠴᠢᠩᠭ᠎ᠠ᠂ ᠤᠰᠤᠨ ᠤ ᠬᠡᠮᠵᠢᠶ᠎ᠡ |
ᠲᠦᠪᠯᠡᠷᠡᠭᠰᠡᠨ᠂ ᠤᠷᠤᠰᠬᠠᠯ ᠤᠨ ᠬᠤᠷᠳᠤᠴᠠ ᠶᠡᠭᠡ᠂ ᠤᠷᠤᠰᠬᠠᠨ ᠢᠳᠡᠭᠳᠡᠬᠦ ᠬᠦᠴᠦᠨ ᠢᠶᠠᠷ ᠴᠢᠩᠭ᠎ᠠ ᠵᠡᠷᠭᠡ |
ᠣᠨᠴᠠᠯᠢᠭ ᠲᠠᠢ ᠪᠠᠶᠢᠵᠦ᠂ ᠤᠰᠤᠨ ᠤᠷᠤᠰᠬᠠᠯ ᠳᠤ ᠰᠢᠪᠠᠷ ᠡᠯᠡᠰᠦ ᠴᠢᠨᠠᠭᠰᠢᠯᠠᠪᠠᠯ ᠴᠢᠯᠠᠭᠤ᠂ ᠮᠣᠳᠣ ᠵᠡᠷᠭᠡ ᠶᠢ |
ᠬᠠᠮᠤᠷᠴᠤ᠂ ᠦᠷᠭᠦᠯᠵᠢ ᠬᠡᠰᠡᠭ ᠭᠠᠵᠠᠷ ᠤᠨ ᠴᠢᠨᠠᠷᠲᠠᠢ ᠦᠶᠡᠷ ᠤᠨ ᠭᠠᠮᠰᠢᠭ ᠢ ᠡᠭᠦᠰᠭᠡᠳᠡᠭ᠃ |
|
|
|
|
|
ᠲᠡᠭᠡᠪᠡᠯ ᠠᠭᠤᠯᠠᠨ ᠦᠶᠡᠷ ᠢ ᠬᠡᠷᠬᠢᠨ ᠰᠡᠷᠭᠡᠶᠢᠯᠡᠬᠦ ᠪᠤᠢ︖ ᠠᠭᠤᠯᠠᠨ ᠦᠶᠡᠷ ᠤᠳᠠᠯ ᠦᠭᠡᠢ ᠡᠭᠦᠰᠬᠦ ᠭᠡᠵᠦ |
ᠪᠠᠶᠢᠭ᠎ᠠ ᠦᠶ᠎ᠡ ᠳᠤ᠂ ᠤᠰᠤᠨ ᠠᠰᠢᠭᠯᠠᠯᠲᠠ ᠶᠢᠨ ᠰᠠᠯᠠᠭ᠎ᠠ ᠮᠥᠴᠢᠷ ᠪᠣᠯᠤᠨ ᠦᠨᠳᠦᠰᠦᠨ ᠱᠠᠲᠤᠨ ᠤ ᠺᠠᠳ᠋ᠷ ᠶᠠᠭᠤ |
ᠬᠢᠵᠦ ᠴᠢᠳᠠᠬᠤ ᠪᠤᠢ︖ ᠠᠭᠤᠯᠠᠨ ᠦᠶᠡᠷ ᠭᠠᠷᠤᠭᠰᠠᠨ ᠤ ᠳᠠᠷᠠᠭ᠎ᠠ ᠪᠢᠳᠡ ᠪᠡᠶ᠎ᠡ ᠪᠠᠨ ᠬᠡᠷᠬᠢᠨ ᠬᠠᠮᠠᠭᠠᠯᠠᠬᠤ ᠪᠤᠢ︖ |
ᠸᠢᠳᠢᠤ᠋ ᠢᠶᠠᠨ ᠨᠡᠬᠡᠬᠡᠵᠦ᠂ ᠪᠢᠳᠡ ᠬᠠᠮᠲᠤ ᠪᠠᠷ ᠰᠤᠷᠤᠯᠴᠠᠶ᠎ᠠ᠃ |
|
|
|
|