︽ᠪᠥᠬᠦ ᠤᠯᠤᠰ ᠤᠨ ᠤᠰᠤᠨ ᠠᠰᠢᠭᠯᠠᠯᠲᠠ ᠶᠢᠨ ᠰᠢᠰᠲ᠋ᠧᠮ ᠤᠨ ᠲᠡᠷᠢᠭᠦᠨ ᠤ ᠬᠠᠮᠲᠤ ᠂ ᠲᠡᠷᠢᠭᠦᠨ ᠤ |
ᠠᠵᠢᠯᠲᠠᠨ ᠪᠠ ᠬᠥᠳᠡᠯᠮᠦᠷᠢ ᠶᠢᠨ ᠵᠢᠱᠢᠶᠡᠴᠢ ᠶᠢ ᠰᠢᠯᠭᠠᠷᠠᠭᠤᠯᠵᠤ ᠬᠥᠬᠢᠭᠦᠯᠦᠨ ᠰᠠᠶᠢᠰᠢᠶᠠᠬᠤ ᠠᠵᠢᠯ ᠢ ᠥᠷᠨᠢᠭᠦᠯᠬᠦ |
ᠲᠤᠬᠠᠶ ᠬᠥᠮᠦᠨ ᠤ ᠬᠦᠴᠦᠨ ᠤ ᠡᠬᠢ ᠪᠠᠶᠠᠯᠢᠭ ᠨᠡᠶᠢᠭᠡᠮ ᠤᠨ ᠪᠠᠲᠤᠯᠠᠭ᠎ᠠ ᠶᠢᠨ ᠶᠠᠮᠤᠨ ᠤᠰᠤᠨ ᠠᠰᠢᠭᠯᠠᠯᠲᠠ ᠶᠢᠨ |
ᠶᠠᠮᠤᠨ ᠤ ᠵᠠᠬᠢᠳᠠᠯ ﹇2024﹈ 61 ᠳ᠋ᠤᠭᠡᠷ ᠲᠣᠭᠠᠲᠤ︶ ︽ᠤᠰᠤᠨ ᠠᠰᠢᠭᠯᠠᠯᠲᠠ ᠶᠢᠨ ᠶᠠᠮᠤᠨ ᠤ ᠠᠵᠢᠯᠲᠠᠨ ᠤ |
ᠶᠠᠪᠤᠳᠠᠯ ᠤᠨ ᠵᠤᠷᠭᠠᠨ ᠤ ᠪᠥᠬᠦ ᠤᠯᠤᠰ ᠤᠨ ᠤᠰᠤᠨ ᠠᠰᠢᠭᠯᠠᠯᠲᠠ ᠶᠢᠨ ᠰᠢᠰᠲ᠋ᠧᠮ ᠤᠨ ︿ᠬᠤᠤᠰ ᠲᠡᠷᠢᠬᠦᠨ﹀ ᠢ |
ᠰᠢᠯᠭᠠᠷᠠᠭᠤᠯᠤᠨ ᠬᠥᠬᠢᠭᠦᠯᠬᠦ ᠠᠩᠬᠠᠨ ᠤ ᠬᠢᠨᠠᠯᠲᠠ ᠶᠢᠨ ᠰᠠᠨᠠᠯ ᠢ ᠬᠠᠷᠢᠭᠤ ᠲᠤᠰᠬᠠᠬᠤ ᠲᠤᠬᠠᠶ ᠪᠢᠴᠢᠭ︾ ᠤᠨ |
ᠬᠠᠮᠢᠶ᠎ᠠ ᠪᠥᠬᠦᠶ ᠱᠠᠭᠠᠷᠳᠠᠯᠭ᠎ᠠ ᠶᠣᠰᠣᠭᠠᠷ ᠂ ᠠᠩᠬᠠᠨ ᠤ ᠬᠢᠨᠠᠯᠲᠠ ᠦᠨᠡᠯᠡᠯᠲᠡ ᠶᠢ ᠳᠡᠮᠵᠢᠨ ᠂ ᠥᠪᠡᠷᠲᠡᠭᠡᠨ ᠵᠠᠰᠠᠬᠤ |
ᠣᠷᠣᠨ ᠤ ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠢᠩᠬᠢᠮ ᠂ ᠥᠪᠡᠷᠲᠡᠭᠡᠨ |
ᠵᠠᠰᠠᠬᠤ ᠣᠷᠣᠨ ᠤ ᠤᠰᠤᠨ ᠠᠰᠢᠭᠯᠠᠯᠲᠠ ᠶᠢᠨ ᠲᠢᠩᠬᠢᠮ ᠠᠴᠠ ᠲᠠᠨᠢᠯᠴᠠᠭᠤᠯᠬᠤ ᠪᠠᠷ ᠪᠠᠶᠢᠭ᠎ᠠ ᠪᠥᠬᠦ ᠤᠯᠤᠰ ᠤᠨ |
ᠤᠰᠤᠨ ᠠᠰᠢᠭᠯᠠᠯᠲᠠ ᠶᠢᠨ ᠰᠢᠰᠲ᠋ᠧᠮ ᠤᠨ ᠲᠡᠷᠢᠭᠦᠨ ᠤ ᠬᠠᠮᠲᠤ ᠂ ᠲᠡᠷᠢᠭᠦᠨ ᠤ ᠠᠵᠢᠯᠲᠠᠨ ᠢ ᠵᠠᠷᠯᠠᠨ ᠨᠡᠶᠢᠲᠡᠯᠡᠪᠡ ᠃ |
ᠨᠢᠭᠡ ᠂ ᠲᠡᠷᠢᠭᠦᠨ ᠤ ᠬᠠᠮᠲᠤ |
1. ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠯᠠᠱᠠ ᠠᠶᠢᠮᠠᠭ ᠤᠨ ᠬᠤᠶᠠᠷᠬᠤᠳᠳᠤᠭ ᠤᠨ |
ᠬᠦᠳᠡᠭᠡ ᠶᠢᠨ ᠬᠠᠲᠤᠨ ᠭᠤᠤᠯ ᠤᠨ ᠳᠡᠭᠡᠭᠰᠢ ᠵᠠᠯᠠᠬᠤ ᠤᠰᠤᠯᠠᠯᠲᠠ ᠶᠢᠨ ᠦᠢᠯᠡᠰ ᠤᠨ ᠬᠥᠭᠵᠢᠯᠲᠡ ᠶᠢᠨ ᠲᠥᠪ |
2. ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠰᠤᠨ ᠠᠰᠢᠭᠯᠠᠯᠲᠠ ᠶᠢᠨ ᠰᠢᠨᠵᠢᠯᠡᠬᠦ |
ᠤᠬᠠᠭᠠᠨ ᠤ ᠰᠤᠳᠤᠯᠭᠠᠨ ᠤ ᠬᠦᠷᠢᠶᠡᠯᠡᠩ |
ᠬᠤᠶᠠᠷ ᠂ ᠲᠡᠷᠢᠭᠦᠨ ᠤ ᠠᠵᠢᠯᠲᠠᠨ |
1. ᠰᠦᠨ ᠴᠢ ᠸᠧᠶ ︵ᠡᠮᠡᠭᠲᠡᠶ ᠂ ᠬᠤᠲᠣᠩ ᠦᠨᠳᠦᠰᠦᠲᠡᠨ︶ ᠥᠪᠥᠷ ᠮᠣᠩᠭᠤᠯ ᠤᠨ ᠥᠪᠡᠷᠲᠡᠭᠡᠨ |
ᠵᠠᠰᠠᠬᠤ ᠣᠷᠣᠨ ᠤ ᠰᠢᠯᠢ ᠶᠢᠨ ᠭᠤᠤᠯ ᠠᠶᠢᠮᠠᠭ ᠤᠨ ᠤᠰᠤᠨ ᠠᠰᠢᠭᠯᠠᠯᠲᠠ ᠶᠢᠨ ᠲᠣᠪᠴᠢᠶ᠎ᠠ ᠶᠢᠨ ᠭᠤᠤᠯ ᠮᠥᠷᠡᠨ |
ᠨᠠᠭᠤᠷ ᠴᠥᠭᠦᠷᠥᠮ ᠤᠨ ᠬᠠᠮᠢᠶᠠᠷᠤᠯᠲᠠ ᠶᠢᠨ ᠰᠠᠯᠠᠭᠠᠨ ᠤ ᠳᠠᠷᠤᠭ᠎ᠠ |
2. ᠮᠠ ᠵᠢᠶᠠᠨ ᠵᠢᠶᠦ᠋ᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠰᠤᠨ ᠰᠢᠨᠵᠢᠯᠡᠭᠡᠨ |
ᠤᠰᠤᠨ ᠤ ᠡᠬᠢ ᠰᠤᠷᠪᠤᠯᠵᠢ ᠶᠢᠨ ᠲᠥᠪ ᠠᠯᠠᠱᠠ ᠦᠬᠠᠶ ᠶᠢᠨ ᠤᠰᠤᠨ ᠰᠢᠨᠵᠢᠯᠡᠭᠡᠨ ᠤᠰᠤᠨ ᠤ ᠡᠬᠢ |
ᠰᠤᠷᠪᠤᠯᠵᠢ ᠶᠢᠨ ᠬᠤᠪᠢᠶᠠᠷᠢ ᠲᠥᠪ ᠤᠨ ᠯᠠᠩ ᠰᠢᠨ ᠱᠠᠨ ᠤᠰᠤᠨ ᠰᠢᠨᠵᠢᠯᠡᠭᠡᠨ ᠤ ᠥᠷᠲᠡᠭᠡᠨ ᠳᠠᠷᠤᠭ᠎ᠠ |
3. ᠪᠤᠤ ᠵᠢᠶᠠᠨ ᠮᠢᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠠᠭᠠᠨᠴᠠᠪ ᠬᠤᠲᠠ ᠶᠢᠨ |
ᠤᠰᠤᠨ ᠠᠰᠢᠭᠯᠠᠯᠲᠠ ᠶᠢᠨ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠬᠢᠭᠡᠳ ᠠᠵᠢᠯᠯᠠᠭᠠᠨ ᠤ ᠠᠵᠢᠯ ᠤᠨ |
ᠥᠷᠲᠡᠭᠡᠨ ᠳᠠᠷᠤᠭ᠎ᠠ |
4. ᠹᠠᠨ ᠰᠢᠶᠠ ᠰᠢᠶᠠ ︵ᠡᠮᠡᠭᠲᠡᠢ︶ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ |
ᠬᠥᠬᠡᠬᠤᠲᠠ ᠶᠢᠨ ᠤᠰᠤᠨ ᠤ ᠶᠠᠪᠤᠳᠠᠯ ᠤᠨ ᠢᠨᠵᠧᠨᠧᠷᠢᠩ ᠤᠨ ᠶᠠᠰᠤ ᠴᠢᠨᠠᠷ ᠤᠨ ᠠᠮᠤᠷ ᠲᠦᠪᠰᠢᠨ ᠪᠠ ᠭᠤᠣᠯ |
ᠮᠥᠷᠡᠨ ᠨᠠᠭᠤᠷ ᠴᠥᠭᠦᠷᠥᠮ ᠤᠨ ᠤᠰᠤᠨ ᠤ ᠴᠢᠨᠠᠷ ᠢ ᠬᠢᠨᠠᠨ ᠬᠡᠮᠵᠢᠬᠦ ᠲᠥᠪ ᠤᠨ ᠳᠡᠳ᠋ ᠡᠷᠬᠢᠯᠡᠭᠴᠢ |
5. ᠰᠦᠨ ᠬᠤᠢ ᠴᠧᠩ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠯᠥᠨ ᠪᠤᠶᠢᠷ |
ᠬᠤᠲᠠ ᠶᠢᠨ ᠤᠰᠤᠨ ᠠᠰᠢᠭᠯᠠᠯᠲᠠ ᠶᠢᠨ ᠲᠣᠪᠴᠢᠶ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠭᠡᠰᠢᠭᠦᠨ ᠂ |
ᠬᠥᠯᠥᠨ ᠪᠤᠶᠢᠷ ᠬᠤᠲᠠ ᠶᠢᠨ ᠤᠰᠤᠨ ᠠᠰᠢᠭᠯᠠᠯᠲᠠ ᠶᠢᠨ ᠦᠢᠯᠡᠰ ᠤᠨ ᠬᠥᠭᠵᠢᠯᠲᠡ ᠶᠢᠨ ᠲᠥᠪ ᠤᠨ ᠡᠷᠬᠢᠯᠡᠭᠴᠢ |
ᠭᠤᠷᠪᠠ ᠂ ᠢᠯᠡ ᠨᠡᠶᠢᠲᠡᠯᠡᠭᠰᠡᠨ ᠪᠠᠶᠢᠳᠠᠯ |
ᠵᠠᠷᠯᠠᠨ ᠨᠡᠶᠢᠲᠡᠯᠡᠬᠦ ᠬᠤᠭᠤᠴᠠᠭ᠎ᠠ ᠪᠣᠯ 2024 ᠣᠨ ᠤ 9 ᠳ᠋ᠦ᠋ᠭᠡᠷ ᠰᠠᠷ᠎ᠠ ᠶᠢᠨ 25 ᠤ ᠡᠳᠦᠷ ᠠᠴᠠ |
2024 ᠣᠨ ᠤ 9 ᠳ᠋ᠦ᠋ᠭᠡᠷ ᠰᠠᠷ᠎ᠠ ᠶᠢᠨ 30 ᠤ ᠡᠳᠦᠷ |
ᠳᠥᠷᠪᠡ ᠂ ᠭᠥᠯᠢᠶᠡᠨ ᠠᠪᠴᠤ ᠰᠢᠢᠳᠪᠦᠷᠢᠯᠡᠬᠦ ᠠᠷᠭ᠎ᠠ ᠮᠠᠶ᠋ᠢᠭ |
ᠨᠢᠭᠡᠴᠢ ᠪᠠ ᠬᠤᠪᠢ ᠬᠥᠮᠦᠨ ᠰᠤᠷᠪᠤᠯᠵᠢᠯᠠᠯ ᠂ ᠵᠠᠬᠢᠳᠠᠯ ᠂ ᠳ᠋ᠢᠶᠠᠩᠬᠤᠸᠠ ᠵᠡᠷᠭᠡ ᠬᠡᠯᠪᠡᠷᠢ ᠪᠠᠷ ᠳᠡᠭᠡᠷ᠎ᠡ |
ᠳᠤᠷᠠᠳᠤᠭᠰᠠᠨ ᠢᠯᠡ ᠨᠡᠶᠢᠲᠡᠯᠡᠭᠰᠡᠨ ᠬᠥᠮᠦᠰ ᠤᠨ ᠬᠤᠯᠪᠣᠭᠳᠠᠯ ᠪᠦᠬᠦᠢ ᠪᠠᠶᠢᠳᠠᠯ ᠪᠠ ᠠᠰᠠᠭᠤᠳᠠᠯ ᠢ ᠲᠤᠰᠬᠠᠵᠤ |
ᠪᠣᠯᠤᠨ᠎ᠠ ᠃ ᠲᠤᠰᠬᠠᠭᠰᠠᠨ ᠠᠰᠠᠭᠤᠳᠠᠯ ᠢ ᠪᠠᠶᠢᠴᠠᠭᠠᠨ ᠬᠠᠷᠭᠤᠭᠤᠯᠬᠤ ᠳᠤ ᠲᠥᠬᠦᠮ ᠪᠠᠶᠢᠯᠭᠠᠬᠤ ᠶᠢᠨ ᠲᠥᠯᠥᠭᠡ ᠂ |
ᠠᠰᠠᠭᠤᠳᠠᠯ ᠢ ᠲᠤᠰᠬᠠᠬᠤ ᠦᠶ᠎ᠡ ᠳᠤ ᠬᠤᠯᠪᠣᠭᠳᠠᠯ ᠪᠥᠬᠦᠶ ᠰᠦᠪᠡᠭᠴᠢ ᠬᠠᠩᠭᠠᠬᠤ ᠵᠢᠴᠢ ᠲᠣᠰ ᠬᠥᠮᠦᠨ ᠤ ᠦᠨᠡᠨ |
ᠣᠪᠣᠭ ᠨᠡᠷ᠎ᠡ ᠂ ᠬᠠᠷᠢᠯᠴᠠᠬᠤ ᠠᠷᠭ᠎ᠠ ᠮᠠᠶ᠋ᠢᠭ ᠪᠤᠶᠤ ᠠᠵᠢᠯᠯᠠᠵᠤ ᠪᠠᠶᠢᠭ᠎ᠠ ᠨᠢᠭᠡᠴᠢ ᠵᠡᠷᠭᠡ ᠮᠡᠳᠡᠭᠡ ᠵᠠᠩᠭᠢ ᠶᠢ |
ᠬᠠᠩᠭᠠᠵᠤ ᠂ ᠪᠢᠳᠡ ᠠᠵᠢᠯ ᠤᠨ ᠰᠠᠬᠢᠯᠭ᠎ᠠ ᠪᠠᠲᠤ ᠶᠢ ᠴᠢᠩᠭ᠎ᠠ ᠵᠢᠷᠤᠮᠯᠠᠨ ᠂ ᠨᠢᠭᠤᠴᠠ ᠶᠢ ᠬᠠᠮᠠᠭᠠᠯᠠᠬᠤ ᠡᠭᠦᠷᠭᠡ ᠪᠠᠨ |
ᠭᠦᠢᠴᠡᠳᠬᠡᠵᠦ ᠂ ᠬᠢᠨᠠᠨ ᠬᠠᠷᠭᠤᠭᠤᠯᠤᠭᠰᠠᠨ ᠪᠠᠶᠢᠳᠠᠯ ᠢᠶᠠᠨ ᠴᠠᠭ ᠲᠤᠬᠠᠶ ᠳᠤᠨᠢ ᠬᠠᠷᠢᠭᠤ ᠲᠤᠰᠬᠠᠨ᠎ᠠ ᠃ |
ᠵᠠᠷᠯᠠᠨ ᠨᠡᠶᠢᠲᠡᠯᠡᠬᠦ ᠠᠯᠪᠠᠨ ᠬᠡᠷ ᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠰᠤᠨ |
ᠠᠰᠢᠭᠯᠠᠯᠲᠠ ᠶᠢᠨ ᠲᠢᠩᠬᠢᠮ ᠤᠨ ᠠᠵᠢᠯᠲᠠᠨ ᠤ ᠶᠠᠪᠤᠳᠠᠯ ᠤᠨ ᠭᠠᠵᠠᠷ ᠤᠨ 2512 ᠥᠷᠥᠭᠡ ᠳᠤ ᠳᠣᠭᠢᠷᠠᠭᠤᠯᠪᠠ ᠃ |
ᠬᠦᠯᠢᠶᠡᠨ ᠠᠪᠬᠤ ᠴᠠᠭ᠄ ᠠᠵᠢᠯᠯᠠᠬᠤ ᠡᠳᠦᠷ ᠤᠨ ᠦᠳᠡ ᠶᠢᠨ ᠡᠮᠦᠨ᠎ᠡ 9᠄ 00 — 12᠄ 00 ᠴᠠᠭ ᠂ |
ᠦᠳᠡ ᠶᠢᠨ ᠬᠤᠶᠢᠨ᠎ᠠ 13᠄ 30 — 17᠄ 00 ᠴᠠᠭ |
ᠬᠦᠯᠢᠶᠡᠨ ᠠᠪᠴᠤ ᠰᠢᠢᠳᠪᠦᠷᠢᠯᠡᠬᠦ ᠤᠲᠠᠰᠤ᠄ ︵0471︶ 5259546 ︵0471︶ 6917080 |
ᠣᠨᠴᠠᠭᠠᠶᠢᠯᠠᠨ ᠵᠠᠷᠯᠠᠪᠠ |
|
ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠤᠰᠤᠨ ᠠᠰᠢᠭᠯᠠᠯᠲᠠ ᠶᠢᠨ ᠲᠢᠩᠬᠢᠮ |
ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠬᠦᠮᠦᠨ ᠤ ᠬᠦᠴᠦᠨ ᠤ ᠡᠬᠢ ᠪᠠᠶᠠᠯᠢᠭ ᠪᠠ |
ᠨᠡᠶᠢᠭᠡᠮ ᠤᠨ ᠪᠠᠲᠤᠯᠠᠭ᠎ᠠ ᠶᠢᠨ ᠲᠢᠩᠬᠢᠮ |
2024 ᠣᠨ ᠤ 9 ᠳ᠋ᠦ᠋ᠭᠡᠷ ᠰᠠᠷ᠎ᠠ ᠶᠢᠨ 24 ᠤ ᠡᠳᠦᠷ |
|