| ᠣᠶᠢᠷ᠎ᠠ ᠳᠤ᠂ 2024 ᠣᠨ ᠳᠤ ᠳᠤᠮᠳᠠᠳᠤ ᠤᠯᠤᠰ ᠤᠨ ᠤᠰᠤ ᠠᠷᠪᠢᠯᠠᠬᠤ ᠠᠷᠪᠠᠨ ᠶᠡᠭᠡ ᠰᠣᠩᠭᠤᠳᠠᠭ |
ᠬᠡᠷᠡᠭ ᠤᠨ ᠵᠢᠱᠢᠶ᠎ᠡ ᠶᠢ ᠨᠡᠶᠢᠲᠡᠯᠡᠵᠦ᠂ ᠥᠪᠥᠷ ᠮᠣᠩᠭᠤᠯ ᠤᠨ ᠦᠬᠠᠶ ᠬᠤᠲᠠ ᠶᠢᠨ ︽ᠣᠯᠠᠨ ᠤᠰᠤᠨ ᠤ ᠡᠬᠢ |
ᠰᠤᠷᠪᠤᠯᠵᠢ ᠶᠢ ᠨᠢᠭᠡᠳᠦᠯᠲᠡᠶ ᠲᠣᠬᠢᠷᠠᠭᠤᠯᠬᠤ ᠶᠢ ᠴᠢᠩᠭᠠᠳᠬᠠᠵᠤ ᠤᠰᠤᠨ ᠤ ᠲᠥᠰᠦᠪ ᠤᠨ ᠬᠠᠮᠢᠶᠠᠷᠤᠯᠲᠠ ᠶᠢ |
ᠬᠡᠷᠡᠭᠵᠢᠭᠦᠯᠬᠦ︾ ᠬᠡᠷᠡᠭ ᠤᠨ ᠵᠢᠱᠢᠶ᠎ᠡ ᠨᠢ ᠠᠮᠵᠢᠯᠲᠠ ᠲᠠᠢ ᠪᠠᠷ ᠰᠣᠩᠭᠤᠭᠳᠠᠪᠠ᠃ |
ᠣᠶᠢᠷ᠎ᠠ ᠶᠢᠨ ᠵᠢᠯ ᠳᠤ᠂ ᠦᠬᠠᠶ ᠬᠤᠲᠠ ᠲᠦᠢᠯ ᠤᠨ ᠤᠰᠤ ᠳᠤᠲᠠᠭᠳᠠᠵᠤ ᠪᠠᠶᠢᠭ᠎ᠠ ᠣᠳᠣᠬᠢ ᠪᠠᠶᠢᠳᠠᠯ ᠪᠠ |
ᠬᠤᠲᠠ ᠶᠢᠨ ᠬᠥᠭᠵᠢᠯᠲᠡ ᠶᠢᠨ ᠬᠡᠷᠡᠭᠴᠡᠭᠡ ᠳᠤ ᠰᠠᠭᠤᠷᠢᠯᠠᠨ᠂ ︽ᠲᠥᠰᠦᠪ + ᠲᠥᠯᠥᠪᠯᠡᠭᠡ + ᠲᠣᠭᠲᠠᠭᠰᠠᠨ |
ᠨᠣᠷᠮ᠎ᠠ︾ ᠪᠠ ᠡᠩ ᠤᠨ ᠪᠤᠰᠤ ᠤᠰᠤ ᠶᠢ ᠨᠡᠭᠡᠭᠡᠨ ᠠᠰᠢᠭᠯᠠᠬᠤ ︽3 + X︾ ᠬᠠᠮᠢᠶᠠᠷᠤᠯᠲᠠ ᠶᠢᠨ ᠵᠠᠭᠪᠤᠷ ᠤᠨ |
ᠰᠢᠨ᠎ᠡ ᠶᠢ ᠡᠭᠦᠳᠦᠨ ᠬᠡᠷᠡᠭᠵᠢᠭᠦᠯᠵᠦ᠂ ᠪᠥᠬᠦ ᠬᠤᠲᠠ ᠶᠢᠨ ᠤᠰᠤᠨ ᠤ ᠡᠬᠢ ᠪᠠᠶᠠᠯᠢᠭ ᠢ ᠰᠠᠷ᠎ᠠ ᠪᠠᠷ ᠳᠣᠭᠢᠷᠠᠭᠤᠯᠤᠨ᠂ |
ᠤᠰᠤᠨ ᠤ ᠭᠦᠢᠴᠡᠳᠬᠡᠯ ᠲᠤᠭ᠎ᠠ ᠶᠢ ᠰᠢᠨᠵᠢᠯᠡᠬᠦ ᠤᠬᠠᠭᠠᠨᠴᠢ ᠪᠠᠷ ᠳᠣᠭᠢᠷᠠᠭᠤᠯᠵᠤ᠂ ᠳᠠᠬᠢᠯᠲᠠ ᠤᠰᠤ ᠶᠢ ᠠᠰᠢᠭᠯᠠᠨ |
ᠨᠠᠷᠢᠯᠢᠬᠵᠢᠭᠤᠯᠤᠭᠰᠠᠨ ᠬᠠᠮᠢᠶᠠᠷᠤᠯᠲᠠ ᠶᠢᠨ ᠬᠢᠷᠢ ᠲᠦᠪᠰᠢᠨ ᠢ ᠳᠡᠭᠡᠭᠰᠢᠯᠡᠭᠦᠯᠦᠨ᠂ ᠤᠰᠤᠨ ᠤ ᠡᠬᠢ ᠪᠠᠶᠠᠯᠢᠭ ᠢ |
ᠠᠰᠢᠭᠯᠠᠬᠤ ᠦᠷ᠎ᠡ ᠠᠰᠢᠭ ᠤᠨ ᠬᠤᠤᠰ ᠳᠡᠭᠡᠭᠰᠢᠯᠡᠯᠲᠡ ᠶᠢ ᠪᠡᠶᠡᠯᠡᠭᠦᠯᠵᠦ᠂ ᠡᠩ ᠤᠨ ᠪᠤᠰᠤ ᠤᠰᠤᠨ |
ᠠᠰᠢᠭᠯᠠᠯᠲᠠ ᠳᠤ ᠬᠡᠷᠡᠭᠯᠡᠬᠦ ᠦᠬᠠᠶ ᠶᠢᠨ ᠲᠤᠷᠰᠢᠯᠭ᠎ᠠ ᠶᠢ ᠪᠣᠶ ᠪᠣᠯᠭᠠᠪᠠ᠃ |
ᠦᠬᠠᠶ ᠬᠤᠲᠠ ︽ᠭᠤᠷᠪᠠᠨ ᠲᠣᠭᠤᠷᠢᠭ ᠨᠢᠭᠡ ᠬᠦᠷᠢᠶᠡᠯᠡᠩ ᠣᠯᠠᠨ ᠴᠡᠭ︾ ᠤᠨ ᠳᠠᠬᠢᠯᠲᠠ ᠤᠰᠤ ᠶᠢ |
ᠠᠰᠢᠭᠯᠠᠬᠤ ᠪᠠᠶᠢᠷᠢᠰᠢᠭᠤᠯᠤᠯᠲᠠ ᠶᠢ ᠢᠳᠡᠪᠬᠢᠲᠡᠶ ᠪᠠᠶᠢᠭᠤᠯᠵᠤ᠂ ᠪᠥᠬᠦ ᠬᠤᠲᠠ ᠶᠢᠨ ᠪᠣᠬᠢᠷ ᠤᠰᠤ ᠰᠢᠢᠳᠪᠦᠷᠢᠯᠡᠬᠦ 6 |
ᠰᠠᠭᠤᠷᠢ ᠦᠢᠯᠡᠳᠪᠦᠷᠢ ᠶᠢᠨ ᠶᠠᠰᠤ ᠴᠢᠨᠠᠷ ᠢ ᠳᠡᠭᠡᠭᠰᠢᠯᠡᠭᠦᠯᠦᠨ ᠴᠢᠳᠠᠪᠤᠷᠢ ᠪᠠᠨ ᠥᠷᠭᠡᠳᠬᠡᠬᠦ ᠶᠢ ᠠᠬᠢᠭᠤᠯᠵᠤ᠂ |
ᠳᠠᠮᠵᠢᠭᠤᠯᠬᠤ ᠬᠤᠭᠤᠯᠠᠶ ᠶᠢᠨ ᠱᠤᠭᠤᠮ ᠢ ᠰᠠᠭᠠᠳ ᠥᠬᠡᠶ ᠨᠡᠪᠲᠡᠷᠡᠭᠦᠯᠵᠦ᠂ ︽ᠪᠣᠬᠢᠷ ᠤᠰᠤ ᠰᠢᠢᠳᠪᠦᠷᠢᠯᠡᠬᠦ |
ᠦᠢᠯᠡᠳᠪᠦᠷᠢ + ᠠᠵᠤ ᠠᠬᠤᠶᠢᠯᠠᠯ︾ ᠤᠨ ︽ᠨᠢᠭᠡᠳ ᠨᠢᠭᠡ ᠪᠠᠷ ᠣᠯᠠᠨ ᠴᠡᠭ ᠲᠤ ᠬᠠᠷᠭᠤᠭᠤᠯᠬᠤ︾ ᠳᠠᠬᠢᠯᠲᠠ |
ᠤᠰᠤ ᠶᠢ ᠡᠭᠡᠭᠦᠯᠦᠨ ᠬᠡᠷᠡᠭᠯᠡᠬᠦ ᠰᠢᠰᠲ᠋ᠧᠮ ᠢ ᠪᠠᠶᠢᠭᠤᠯᠵᠤ᠂ ᠳᠠᠬᠢᠯᠲᠠ ᠤᠰᠤᠨ ᠤ ᠰᠠᠴᠤᠷᠠᠭ ᠪᠠ ᠬᠠᠮᠤᠷᠬᠤ |
ᠬᠡᠪᠴᠢᠶ᠎ᠡ ᠶᠢ ᠤᠯᠠᠮ ᠨᠢᠭᠡ ᠠᠯᠬᠤᠮ ᠥᠷᠭᠡᠳᠬᠡᠪᠡ᠃ 2022 ᠣᠨ ᠠᠴᠠ 2024 ᠣᠨ ᠤ ᠬᠤᠭᠤᠷᠣᠨᠳᠣ᠂ ᠵᠢᠯ |
ᠪᠦᠷᠢ ᠶᠢᠨ ᠳᠤᠮᠳᠠᠴᠢ ᠳᠠᠬᠢᠯᠲᠠ ᠤᠰᠤᠨ ᠠᠰᠢᠭᠯᠠᠯᠲᠠ ᠶᠢᠨ ᠬᠡᠷᠡᠭᠯᠡᠬᠦ ᠬᠡᠮᠵᠢᠶ᠎ᠡ 2600 ᠲᠦᠮᠡᠨ ᠪᠣᠰᠤᠭ᠎ᠠ |
ᠳᠥᠷᠪᠡᠯᠵᠢᠨ ᠮᠧᠲᠷ ᠢ ᠳᠠᠪᠠᠵᠤ᠂ ᠳᠠᠬᠢᠯᠲᠠ ᠤᠰᠤᠨ ᠤ ᠠᠰᠢᠭᠯᠠᠯᠲᠠ ᠶᠢᠨ ᠨᠣᠷᠮ᠎ᠠ ᠨᠢ 90% ᠶᠢ ᠳᠠᠪᠠᠪᠠ᠃ |
ᠡᠭᠦᠨ ᠤ ᠬᠠᠮᠲᠤ᠂ ᠦᠬᠠᠶ ᠬᠤᠲᠠ ᠤᠰᠤᠨ ᠤ ᠡᠬᠢ ᠪᠠᠶᠠᠯᠢᠭ ᠢ ᠥᠨᠳᠥᠷ ᠪᠦᠲᠦᠮᠵᠢᠲᠡᠶ ᠠᠰᠢᠭᠯᠠᠬᠤ ᠰᠢᠨ᠎ᠡ ᠠᠷᠭ᠎ᠠ |
ᠵᠠᠮ ᠢ ᠬᠠᠶᠢᠨ ᠰᠦᠪᠡᠭᠴᠢᠯᠡᠵᠦ᠂ ︽ᠲᠡᠭ ᠰᠠᠭᠤᠷᠢ ᠶᠢᠨ ᠲᠥᠰᠦᠪ︾ ᠤᠨ ᠤᠰᠤ ᠬᠡᠷᠡᠭᠯᠡᠬᠦ ᠬᠠᠮᠢᠶᠠᠷᠤᠯᠲᠠ ᠶᠢᠨ |
ᠲᠦᠷᠢᠮ ᠤᠨ ᠰᠢᠨ᠎ᠡ ᠶᠢ ᠡᠭᠦᠳᠴᠦ᠂ ︽ᠤᠷᠢᠳᠠᠪᠠᠷ ᠲᠥᠰᠦᠪᠯᠡᠵᠦ᠂ ᠳᠠᠷᠠᠭ᠎ᠠ ᠨᠢ ᠤᠰᠤ ᠬᠡᠷᠡᠭᠯᠡᠬᠦ︾ ᠤᠰᠤᠨ ᠤ |
ᠲᠥᠰᠦᠪ ᠤᠨ ᠬᠠᠮᠢᠶᠠᠷᠤᠯᠲᠠ ᠶᠢᠨ ᠵᠠᠭᠪᠤᠷ ᠢ ᠤᠷᠢᠳᠠᠪᠠᠷ ᠬᠡᠷᠡᠭᠵᠢᠭᠦᠯᠵᠦ᠂ ᠤᠰᠤ ᠬᠡᠷᠡᠭᠯᠡᠬᠦ ᠭᠦᠢᠴᠡᠳᠬᠡᠯ ᠲᠤᠭ᠎ᠠ ᠶᠢ |
ᠬᠥᠳᠡᠯᠦᠩᠭᠦᠶ ᠪᠠᠷ ᠳᠣᠭᠢᠷᠠᠭᠤᠯᠤᠨ᠂ ᠤᠰᠤᠨ ᠤ ᠡᠬᠢ ᠪᠠᠶᠠᠯᠢᠭ ᠤᠨ ᠨᠠᠷᠢᠯᠢᠬᠵᠢᠭᠤᠯᠤᠭᠰᠠᠨ ᠬᠠᠮᠢᠶᠠᠷᠤᠯᠲᠠ ᠶᠢ |
ᠠᠬᠢᠭᠤᠯᠪᠠ᠃ 2023 ᠣᠨ ᠳᠤ᠂ ᠲᠥᠰᠦᠪ ᠢᠶᠠᠷ ᠳᠠᠮᠵᠢᠭᠤᠯᠤᠨ 53 ᠲᠦᠮᠡᠨ ᠪᠣᠰᠤᠭ᠎ᠠ ᠳᠥᠷᠪᠡᠯᠵᠢᠨ ᠮᠧᠲᠷ |
ᠤᠰᠤ ᠠᠷᠪᠢᠯᠠᠪᠠ︔ 2024 ᠣᠨ ᠳᠤ ᠬᠤᠲᠠ ᠶᠢᠨ ᠲᠣᠰ ᠱᠠᠲᠤᠨ ᠤ ᠤᠰᠤᠨ ᠤ ᠲᠥᠰᠦᠪ ᠤᠨ ᠬᠡᠮᠵᠢᠶ᠎ᠡ ᠲᠠᠢ |
ᠬᠠᠷᠢᠴᠠᠭᠤᠯᠪᠠᠯ ᠤᠰᠤ ᠬᠡᠷᠡᠭᠯᠡᠬᠦ ᠬᠡᠮᠵᠢᠶ᠎ᠡ 587 ᠲᠦᠮᠡᠨ ᠪᠣᠰᠤᠭ᠎ᠠ ᠳᠥᠷᠪᠡᠯᠵᠢᠨ ᠮᠧᠲᠷ ᠪᠠᠭᠠᠰᠴᠤ᠂ ᠤᠰᠤ |
ᠬᠡᠷᠡᠭᠯᠡᠬᠦ ᠶᠢ ᠬᠠᠮᠢᠶᠠᠷᠤᠨ ᠡᠵᠡᠮᠳᠡᠬᠦ ᠠᠵᠢᠯ ᠢᠯᠡᠳᠲᠡ ᠦᠷ᠎ᠡ ᠪᠦᠲᠦᠮᠵᠢ ᠤᠯᠪᠠ᠃ |
ᠣᠶᠢᠯᠠᠭᠠᠭᠰᠠᠨ ᠢᠶᠠᠷ᠂ ᠲᠣᠰ ᠤᠳᠠᠭᠠᠨ ᠤ ᠳᠤᠮᠳᠠᠳᠤ ᠤᠯᠤᠰ ᠤᠨ ᠤᠰᠤ ᠠᠷᠪᠢᠯᠠᠬᠤ ᠠᠷᠪᠠᠨ ᠶᠡᠭᠡ |
ᠰᠣᠩᠭᠤᠳᠠᠭ ᠬᠡᠷᠡᠭ ᠤᠨ ᠵᠢᠱᠢᠶ᠎ᠡ ᠶᠢ ᠨᠡᠶᠢᠲᠡᠯᠡᠭᠰᠡᠨ ᠨᠢ ᠤᠰᠤ ᠠᠷᠪᠢᠯᠠᠬᠤ ᠨᠡᠶᠢᠲᠡᠯᠢᠭ ᠲᠤᠷᠰᠢᠯᠭ᠎ᠠ ᠶᠢᠨ |
ᠰᠣᠯᠢᠯᠴᠠᠭ᠎ᠠ ᠲᠣᠯᠢᠯᠠᠯ ᠢ ᠤᠯᠠᠮ ᠨᠢᠭᠡ ᠠᠯᠬᠤᠮ ᠴᠢᠩᠭᠠᠳᠬᠠᠵᠤ᠂ ᠪᠥᠬᠦ ᠨᠡᠶᠢᠭᠡᠮ ᠤᠨ ᠬᠠᠮᠲᠤ ᠶᠢᠨ ᠲᠠᠨᠢᠯᠲᠠ ᠪᠠ |
ᠬᠦᠴᠦᠨ ᠢ ᠨᠢᠭᠲᠠᠷᠠᠭᠤᠯᠤᠨ᠂ ᠤᠰᠤ ᠠᠷᠪᠢᠯᠠᠬᠤ ᠠᠵᠢᠯ ᠤᠨ ᠳᠠᠬᠢᠨ ᠰᠢᠨ᠎ᠡ ᠳᠡᠭᠲᠡᠷ ᠲᠤ ᠭᠠᠷᠬᠤ ᠶᠢ ᠳᠥᠯᠭᠢᠨ |
ᠠᠬᠢᠭᠤᠯᠬᠤ ᠶᠢᠨ ᠲᠥᠯᠥᠭᠡ ᠶᠤᠮ᠃ ᠬᠡᠷᠡᠭ ᠤᠨ ᠵᠢᠱᠢᠶ᠎ᠡ ᠨᠢ ᠲᠠᠷᠢᠶᠠᠯᠠᠩ ᠤᠨ ᠤᠰᠤ ᠠᠷᠪᠢᠯᠠᠵᠤ ᠦᠷ᠎ᠡ ᠠᠰᠢᠭ ᠢ |
ᠨᠡᠮᠡᠭᠳᠡᠭᠦᠯᠬᠦ᠂ ᠠᠵᠤ ᠦᠢᠯᠡᠳᠪᠦᠷᠢ ᠶᠢᠨ ᠤᠰᠤ ᠠᠷᠪᠢᠯᠠᠵᠤ ᠪᠣᠬᠢᠷᠲᠤᠯ ᠢ ᠪᠠᠭᠠᠰᠬᠠᠬᠤ᠂ ᠬᠤᠳᠠ ᠪᠠᠯᠭᠠᠰᠤᠨ ᠤ |
ᠤᠰᠤ ᠠᠷᠪᠢᠯᠠᠵᠤ ᠬᠤᠬᠢᠷᠠᠯ ᠢ ᠪᠠᠭᠠᠰᠬᠠᠬᠤ ᠪᠠ ᠡᠩ ᠤᠨ ᠪᠤᠰᠤ ᠤᠰᠤ ᠶᠢ ᠠᠰᠢᠭᠯᠠᠬᠤ ᠵᠡᠷᠭᠡ ᠲᠠᠯ᠎ᠠ ᠶᠢᠨ ᠰᠢᠯᠢᠳᠡᠭ |
ᠲᠤᠷᠰᠢᠯᠭ᠎ᠠ ᠶᠢ ᠬᠠᠮᠤᠷᠴᠤ᠂ ᠡᠯ᠎ᠡ ᠭᠠᠵᠠᠷ ᠡᠯ᠎ᠡ ᠬᠦᠷᠢᠶᠡᠨ ᠤ ᠤᠰᠤ ᠠᠷᠪᠢᠯᠠᠬᠤ ᠠᠵᠢᠯ ᠢ ᠠᠬᠢᠭᠤᠯᠬᠤ ᠳᠤ |
ᠠᠰᠢᠭᠲᠠᠢ ᠲᠤᠯᠢᠯᠠᠯ ᠬᠠᠩᠭᠠᠪᠠ᠃ |
|