1953 ᠤᠨ ᠤ 11 ᠰᠠᠷ᠎ᠠ ᠶᠢᠨ 8 ᠤ ᠡᠳᠦᠷ ᠠᠴᠠ 12 ᠤᠨ ᠡᠳᠦᠷ ᠪᠤᠯᠳᠠᠯ᠎ᠠ᠂ ᠪᠦᠬᠦ ᠤᠯᠤᠰ ᠤᠨ |
ᠦᠨᠳᠦᠰᠦᠳᠡᠨ ᠤ ᠬᠡᠯᠪᠡᠷᠢ ᠶᠢᠨ ᠲᠠᠮᠢᠷ ᠤᠨ ᠦᠵᠡᠭᠦᠯᠦᠯᠭᠡ ᠵᠢᠴᠢ ᠤᠷᠤᠯᠳᠤᠭᠠᠨ ᠤ ᠶᠡᠭᠡ ᠬᠤᠷᠠᠯ ᠲᠢᠶᠠᠨᠵᠢᠨ |
ᠬᠤᠳᠠ ᠶᠢᠨ ᠮᠢᠨ ᠶᠤᠸᠠᠨ ᠲᠠᠮᠢᠷ ᠤᠨ ᠲᠠᠯᠠᠪᠠᠢ ︵ᠠᠷᠠᠳ ᠤᠨ ᠬᠤᠶᠠᠳᠤᠭᠠᠷ ᠲᠠᠮᠢᠷ ᠤᠨ ᠲᠠᠯᠠᠪᠠᠢ︶ ᠳᠤ |
ᠶᠠᠪᠤᠭᠳᠠᠪᠠ᠃ |
ᠲᠤᠰ ᠤᠳᠠᠭᠠᠨ ᠤ ᠲᠠᠮᠢᠷ ᠤᠨ ᠴᠤᠭᠯᠠᠭᠠᠨ ᠨᠡᠶᠢᠳᠡ 5 ᠡᠳᠦᠷ ᠶᠠᠪᠤᠭᠳᠠᠪᠠ᠃ ᠲᠤᠮᠳᠠᠳᠦ ᠤᠯᠤᠰ ᠤᠨ |
ᠠᠷᠠᠳ ᠤᠨ ᠴᠢᠯᠦᠭᠡᠯᠡᠬᠦ ᠴᠡᠷᠢᠭ᠂ ᠲᠤᠮᠳᠠᠳᠦ ᠤᠯᠤᠰ ᠤᠨ ᠪᠤᠬ᠎ᠠ ᠲᠡᠷᠭᠡ ᠲᠠᠮᠢᠷ ᠤᠨ ᠨᠡᠶᠢᠭᠡᠮᠯᠢᠭ᠂ ᠦᠪᠦᠷ |
ᠮᠤᠩᠭᠤᠯ ᠤᠨ ᠦᠪᠡᠷᠳᠡᠭᠡᠨ ᠵᠠᠰᠠᠬᠤ ᠤᠷᠤᠨ᠂ ᠵᠡᠭᠦᠨ ᠬᠤᠶᠢᠳᠦ ᠤᠷᠤᠨ᠂ ᠪᠠᠷᠠᠭᠤᠨ ᠬᠤᠶᠢᠳᠦ ᠤᠷᠤᠨ᠂ |
ᠬᠤᠸᠠᠳᠦ᠋ᠩ ᠤᠷᠤᠨ᠂ ᠵᠡᠭᠦᠨ ᠡᠮᠦᠨᠡᠳᠦ ᠤᠷᠤᠨ᠂ ᠪᠠᠷᠠᠭᠤᠨ ᠡᠮᠦᠨᠡᠳᠦ ᠤᠷᠤᠨ ︵ᠲᠦᠪᠡᠳ ᠪᠠᠭᠳᠠᠨ᠎ᠠ︶᠂ |
ᠤᠮᠠᠷᠠᠳᠦ ᠤᠷᠤᠨ ᠵᠡᠷᠭᠡ 9 ᠨᠢᠭᠡᠴᠢ ᠶᠢᠨ ᠲᠦᠯᠦᠭᠡᠯᠡᠭᠴᠢᠳ ᠤᠨ ᠪᠦᠯᠬᠦᠮ ᠤᠷᠤᠯᠴᠠᠨ᠂ ᠮᠠᠨᠵᠦ ᠦᠨᠳᠦᠰᠦᠳᠡᠨ᠂ |
ᠮᠤᠩᠭᠤᠯ ᠦᠨᠳᠦᠰᠦᠳᠡᠨ᠂ ᠬᠤᠳᠤᠩ ᠦᠨᠳᠦᠰᠦᠳᠡᠨ᠂ ᠲᠦᠪᠡᠳ ᠦᠨᠳᠦᠰᠦᠳᠡᠨ᠂ ᠮᠢᠶᠤᠤ ᠦᠨᠳᠦᠰᠦᠳᠡᠨ᠂ |
ᠤᠶᠢᠭᠤᠷ ᠦᠨᠳᠦᠰᠦᠳᠡᠨ᠂ ᠬᠠᠰᠠᠭ ᠦᠨᠳᠦᠰᠦᠳᠡᠨ᠂ ᠲᠠᠲ᠋ᠠᠷ ᠦᠨᠳᠦᠰᠦᠳᠡᠨ᠂ ᠲᠠᠢ ᠦᠨᠳᠦᠰᠦᠳᠡᠨ᠂ ᠰᠤᠯᠤᠩᠭᠤᠰ |
ᠦᠨᠳᠦᠰᠦᠳᠡᠨ᠂ ᠨᠠᠰᠢ ᠦᠨᠳᠦᠰᠦᠳᠡᠨ᠂ ᠬᠢᠳᠡᠳ ᠦᠨᠳᠤᠰᠦᠳᠡᠨ ᠵᠡᠷᠭᠡ 13 ᠦᠨᠳᠦᠰᠦᠳᠡᠨ ᠤ 397 ᠲᠠᠮᠢᠷᠴᠢᠨ |
ᠤᠷᠤᠯᠴᠠᠪᠠ᠃ ᠲᠦᠪ ᠤᠨ ᠠᠷᠠᠳ ᠤᠨ ᠵᠠᠰᠠᠭ ᠤᠨ ᠤᠷᠳᠤᠨ ᠤ ᠵᠠᠰᠠᠭ ᠤᠨ ᠶᠠᠪᠤᠳᠠᠯ ᠤᠨ ᠬᠤᠷᠢᠶᠠᠨ ᠤ ᠲᠡᠳ᠋ |
ᠶᠠᠷᠦᠩᠬᠡᠢ ᠰᠠᠶᠢᠳ᠂ ᠰᠤᠶᠤᠯ ᠰᠤᠷᠭᠠᠨ ᠬᠦᠮᠦᠵᠢᠯ ᠤᠨ ᠵᠦᠪᠯᠡᠯ ᠤᠨ ᠡᠷᠬᠢᠯᠡᠭᠴᠢ ᠶᠢᠨ ᠠᠵᠢᠯ ᠢ ᠬᠠᠪᠰᠤᠷᠭᠠᠨ |
ᠬᠠᠷᠢᠭᠤᠴᠠᠵᠦ ᠪᠠᠶᠢᠭᠰᠠᠨ ᠭᠦᠸᠧ ᠮᠦᠸᠧ ᠷᠦᠸᠧ᠂ ᠡᠷᠡᠭᠦᠯ ᠬᠠᠮᠠᠭᠠᠯᠠᠯ ᠤᠨ ᠶᠠᠮᠤᠨ ᠤ ᠰᠠᠶᠢᠳ ᠯᠢ ᠳ᠋ᠧ ᠴᠢᠤᠸᠠᠨ |
ᠡᠬᠢᠯᠡᠯᠳᠡ ᠶᠢᠨ ᠶᠤᠰᠤᠯᠠᠯ ᠳᠤ ᠦᠭᠡ ᠬᠡᠯᠡᠪᠡ᠃ |
5 ᠡᠳᠦᠷ ᠤᠨ ᠤᠷᠤᠯᠳᠤᠭᠠᠨ ᠪᠠ ᠦᠵᠡᠭᠦᠯᠦᠯᠭᠡ ᠳᠤ᠂ 10 ᠲᠠᠯᠠᠪᠠᠢ ᠲᠤᠭᠯᠠᠯᠳᠠ ᠪᠠ ᠤᠷᠤᠯᠳᠤᠭᠠᠨ |
ᠶᠠᠪᠤᠭᠳᠠᠭᠤᠯᠵᠦ᠂ 4983 ᠲᠦᠷᠦᠯ ᠤᠳᠠᠭ᠎ᠠ ᠶᠢᠨ ᠦᠵᠡᠭᠦᠯᠦᠯᠭᠡ ᠡᠷᠬᠢᠯᠡᠪᠡ᠂ 10 ᠲᠠᠮᠢᠷᠴᠢᠨ ᠬᠦᠨᠳᠦ |
ᠡᠷᠭᠦᠯᠳᠡ ᠶᠢᠨ ᠤᠷᠤᠯᠳᠤᠭᠠᠨ ᠳᠤ ᠮᠠᠨ ᠤ ᠤᠯᠤᠰ ᠤᠨ ᠰᠢᠨ᠎ᠡ ᠲᠡᠮᠳᠡᠭᠯᠡᠯ ᠢ ᠪᠢᠴᠢᠭᠯᠡᠪᠡ᠃ ᠲᠠᠮᠢᠷ ᠤᠨ ᠴᠤᠭᠯᠠᠭᠠᠨ |
ᠤ ᠬᠤᠭᠤᠴᠠᠭᠠᠨ ᠳᠤ᠂ ᠡᠯ᠎ᠡ ᠭᠠᠵᠠᠷ ᠵᠢᠴᠢ ᠲᠢᠶᠠᠨᠵᠢᠨ ᠬᠤᠳᠠ ᠶᠢᠨ ᠦᠵᠡᠭᠴᠢᠳ ᠤᠨ ᠲᠤᠭ᠎ᠠ 12 ᠲᠦᠮᠡᠨ |
ᠬᠦᠮᠦᠨ ᠤᠳᠠᠭ᠎ᠠ ᠬᠦᠷᠦᠭᠰᠡᠨ ᠪᠠᠶᠢᠨ᠎ᠡ᠃ |
ᠲᠤᠰ ᠤᠳᠠᠭᠠᠨ ᠤ ᠲᠠᠮᠢᠷ ᠤᠨ ᠴᠤᠭᠯᠠᠭᠠᠨ ᠨᠢ ᠲᠤᠮᠳᠠᠳᠦ ᠤᠯᠤᠰ ᠤᠨ ᠡᠪ ᠬᠠᠮᠳᠦ ᠨᠠᠮ ᠪᠤᠯᠤᠨ ᠠᠷᠠᠳ |
ᠤᠨ ᠵᠠᠰᠠᠭ ᠤᠨ ᠤᠷᠳᠤᠨ ᠤ ᠬᠠᠶᠢᠷ᠎ᠠ ᠬᠠᠯᠠᠮᠵᠢ ᠴᠢᠬᠤᠯᠠᠴᠢᠯᠠᠭ᠎ᠠ ᠲᠤᠤᠷ᠎ᠠ ᠶᠠᠪᠤᠭᠳᠠᠭᠰᠠᠨ ᠶᠤᠮ᠃ ᠰᠢᠨ᠎ᠡ |
ᠲᠤᠮᠳᠠᠳᠦ ᠤᠯᠤᠰ ᠪᠠᠶᠢᠭᠤᠯᠤᠭᠳᠠᠭᠰᠠᠨ ᠠᠴᠠ ᠨᠠᠰᠢᠬᠢ ᠠᠩᠬᠠᠳᠤᠭᠠᠷ ᠬᠤᠭᠤᠴᠠᠭᠠᠨ ᠤ ᠦᠨᠳᠦᠰᠦᠳᠡᠨ ᠤ ᠬᠡᠯᠪᠡᠷᠢ |
ᠶᠢᠨ ᠲᠠᠮᠢᠷ ᠤᠨ ᠦᠪᠡᠳᠡᠭᠰᠢ ᠴᠤᠭᠯᠠᠭᠠᠨ ᠮᠦᠷᠳᠡᠭᠡᠨ ᠨᠡᠩ ᠴᠦ ᠦᠨᠳᠦᠰᠦᠳᠡᠨ ᠤ ᠡᠷᠬᠡ ᠲᠡᠭᠰᠢ ᠪᠦᠯᠬᠦᠮᠳᠡᠯ ᠢ |
ᠬᠠᠷᠠᠭᠤᠯᠤᠭᠰᠠᠨ ᠦᠪᠡᠳᠡᠭᠰᠢ ᠴᠤᠭᠯᠠᠭᠠᠨ ᠶᠤᠮ᠃ |
20 ᠳ᠋ᠤᠭᠠᠷ ᠵᠠᠭᠤᠨ ᠤ ᠨᠠᠶᠠᠭᠠᠳ ᠤᠨ ᠳᠤ᠂ ᠲᠦᠷᠦ ᠶᠢᠨ ᠶᠠᠪᠤᠳᠠᠯ ᠤᠨ ᠬᠤᠷᠢᠶᠠᠨ ᠤ ᠵᠦᠪᠰᠢᠶᠡᠷᠡᠯ ᠢᠶᠠᠷ᠂ |
ᠤᠯᠤᠰ ᠤᠨ ᠲᠠᠮᠢᠷ ᠤᠨ ᠵᠦᠪᠯᠡᠯ᠂ ᠤᠯᠤᠰ ᠤᠨ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ ᠠᠴᠠ ᠲᠦᠷᠪᠡᠨ ᠵᠢᠯ |
ᠳᠤ ᠨᠢᠭᠡ ᠤᠳᠠᠭ᠎ᠠ ᠪᠦᠬᠦ ᠤᠯᠤᠰ ᠤᠨ ᠴᠦᠬᠡᠨ ᠲᠤᠭᠠᠳᠦ ᠦᠨᠳᠦᠰᠦᠳᠡᠨ ᠤ ᠤᠯᠠᠮᠵᠢᠯᠠᠯᠳᠦ ᠪᠡᠶ᠎ᠡ ᠶᠢᠨ ᠲᠠᠮᠢᠷ ᠤᠨ |
ᠴᠤᠭᠯᠠᠭᠠᠨ ᠡᠷᠬᠢᠯᠡᠬᠦ ᠪᠠᠷ ᠪᠤᠯᠤᠭᠰᠠᠨ ᠮᠦᠷᠳᠡᠭᠡᠨ ᠡᠨᠡ ᠤᠳᠠᠭᠠᠨ ᠤ ᠲᠠᠮᠢᠷ ᠤᠨ ᠴᠤᠭᠯᠠᠭᠠᠨ ᠢ ᠠᠩᠬᠠᠳᠤᠭᠠᠷ |
ᠬᠤᠭᠤᠴᠠᠭᠠᠨ ᠤ ᠪᠦᠬᠦ ᠤᠯᠤᠰ ᠤᠨ ᠴᠦᠬᠡᠨ ᠲᠤᠭᠠᠳᠦ ᠦᠨᠳᠦᠰᠦᠳᠠᠨ ᠤ ᠤᠯᠠᠮᠵᠢᠯᠠᠯᠳᠦ ᠪᠡᠶ᠎ᠡ ᠶᠢᠨ ᠲᠠᠮᠢᠷ ᠤᠨ |
ᠴᠤᠭᠯᠠᠭᠠᠨ ᠪᠠᠷ ᠲᠤᠭᠳᠠᠭᠠᠪᠠ᠃ |