|
ᠮᠥᠡᠭᠭᠦᠨ ᠲᠡᠯᠡᠬᠡᠢ ᠲᠠᠢ ᠪᠤᠯᠵᠤᠵᠥ᠂ ᠭᠦᠰᠡᠯ ᠵᠡᠬᠦᠳᠤ ᠪᠠᠨ ᠬᠠᠮᠳᠤ ᠪᠠᠷ ᠲᠡᠷᠭᠡᠯᠰᠢᠬᠦᠯᠥᠨᠠ᠃ ᠥᠪᠡᠷᠳᠡᠭᠡᠨ |
ᠵᠠᠰᠠᠬᠤ ᠤᠷᠤᠨ ᠤ ᠬᠤᠶᠠᠳᠤᠭᠠᠷ ᠬᠤᠭᠤᠴᠠᠭᠠᠨ ᠤ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ 2 ᠰᠠᠷ᠎ᠠ ᠶᠢᠨ |
16 — 20 ᠤ ᠡᠳᠤᠷ ᠪᠤᠯᠳᠠᠯ᠎ᠠ ᠬᠥᠯᠥᠨ ᠪᠤᠶᠢᠷ ᠬᠤᠳᠠ ᠳᠤ ᠠᠮᠵᠢᠯᠳᠠᠳᠠᠢ ᠶᠠᠪᠤᠭᠳᠠᠭᠰᠠᠨ ᠪᠠᠶᠢᠨ᠎ᠠ᠃ ᠲᠤᠰ |
ᠤᠳᠠᠭᠠᠨ ᠤ ᠤᠷᠤᠯᠳᠤᠭᠠᠨ ᠨᠢ ᠮᠥᠰᠥ ᠴᠠᠰᠤᠨ ᠤ ᠪᠡᠶ᠎ᠠ ᠶᠢᠨ ᠲᠠᠮᠢᠷ ᠤᠨ ᠬᠥᠳᠡᠯᠭᠡᠭᠡᠨ ᠢ ︽ᠡᠮᠥᠨᠡᠰᠢ ᠥᠷᠨᠢᠬᠦᠯᠬᠦ |
ᠪᠠᠷᠠᠭᠤᠨᠰᠢ ᠥᠷᠭᠡᠳᠭᠡᠬᠦ ᠵᠡᠬᠦᠨᠰᠢ ᠠᠬᠢᠭᠤᠯᠬᠤ︾ ᠬᠥᠭᠵᠢᠯᠳᠠ ᠶᠢᠨ ᠪᠠᠶᠢᠯᠳᠤᠬᠤ ᠪᠤᠳᠤᠯᠭ᠎ᠠ ᠶᠢ |
ᠥᠢᠯᠡᠳᠥᠯᠭᠡᠵᠢᠬᠦᠯᠬᠦ᠂ ᠤᠯᠠᠨ ᠲᠦᠮᠡᠨ ᠢ ᠮᠥᠰᠥ ᠴᠠᠰᠤᠨ ᠤ ᠪᠡᠶ᠎ᠠ ᠶᠢᠨ ᠲᠠᠮᠢᠷ ᠤᠨ ᠬᠥᠳᠡᠯᠭᠡᠭᠡᠨ ᠳᠤ |
ᠤᠷᠤᠯᠴᠠᠬᠤ ᠶᠢ ᠲᠠᠶᠢᠴᠢᠯᠠᠬᠰᠠᠨ ᠨᠢᠭᠡᠨ ᠤᠳᠠᠭ᠎ᠠ ᠶᠢᠨ ᠤᠷᠤᠬᠰᠢᠳᠠᠢ ᠶᠠᠪᠤᠬᠳᠠᠬᠰᠠᠨ ᠲᠡᠮᠢᠷ ᠤᠨ ᠴᠤᠬᠯᠠᠭᠠᠨ |
ᠪᠤᠯᠵᠠᠢ᠃ ᠤᠷᠤᠯᠳᠤᠭᠠᠨ ᠨᠢ ᠪᠠᠰᠠ ᠥᠪᠡᠷᠳᠡᠭᠡᠨ ᠵᠠᠰᠠᠬᠤ ᠤᠷᠤᠨ ᠤ 2020 ᠤᠨ ᠤ ᠠᠷᠪᠠᠨ ᠲᠥᠷᠪᠡᠳᠥᠭᠡᠷ |
ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠪᠠᠶ᠎ᠠ ᠶᠢᠨ ᠲᠠᠮᠢᠷ ᠤᠨ ᠴᠤᠬᠯᠠᠭᠠᠨ ᠤ ᠪᠡᠯᠡᠳᠭᠡᠯ |
ᠠᠵᠢᠯ ᠤᠨ ᠨᠢᠬᠡ ᠤᠳᠠᠭ᠎ᠠ ᠶᠢᠨ ︽ᠰᠤᠷᠢᠯᠳᠠ︾ ᠪᠤᠯᠤᠬᠰᠠᠨ ᠪᠠᠶᠢᠨ᠎ᠠ᠃ |
ᠤᠷᠤᠯᠳᠤᠭᠠᠨ ᠳᠤ ᠪᠥᠬᠦ ᠤᠷᠤᠨ ᠤ ᠡᠯ᠎ᠠ ᠠᠶᠢᠮᠠᠬ ᠬᠤᠳᠠ ᠵᠢᠴᠢ ᠥᠪᠥᠷ ᠮᠤᠩᠭᠤᠯ ᠤᠨ ᠶᠡᠭᠡ ᠬᠢᠨᠭ᠍ᠭᠠᠨ |
ᠲᠠᠪᠠᠭ᠎ᠠ ᠶᠢᠨ ᠭᠤᠤᠯᠳᠠᠯᠭ᠎ᠠ ᠲᠠᠢ ᠤᠯᠤᠰ ᠤᠨ ᠥᠮᠴᠢᠯᠠᠯ ᠤᠨ ᠤᠢ ᠰᠢᠭᠤᠢ ᠶᠢᠨ ᠲᠤᠪᠴᠢᠶᠠᠨ ᠠᠴᠠ ᠬᠥᠷᠥᠯᠴᠠᠨ |
ᠢᠷᠡᠭᠰᠡᠨ ᠬᠡᠳᠤᠨ ᠮᠢᠩᠭᠠᠨ ᠲᠠᠮᠢᠷᠴᠢᠳ 5 ᠡᠳᠤᠷ ᠤᠨ ᠬᠤᠭᠤᠴᠠᠭᠠᠨ ᠳᠤ ᠡᠨᠡ ᠬᠦ ᠴᠠᠰᠤ ᠮᠥᠰᠤᠨ ᠤ |
ᠴᠤᠬᠯᠠᠭᠠᠨ ᠳᠤ ᠤᠷᠤᠯᠴᠠᠵᠥ᠂ ᠬᠥᠴᠥᠨ ᠴᠢᠳᠠᠯ ᠢᠶᠠᠨ ᠰᠢᠪᠬᠠᠵᠥ᠂ ᠲᠡᠮᠢᠷ ᠰᠫᠥᠷᠲ ᠤᠨ ᠭᠠᠶᠢᠬᠠᠮᠰᠢᠬ ᠢ ᠤᠯᠠᠨ᠎ᠠ |
ᠲᠡᠯᠬᠡᠵᠥ᠂ ᠡᠪᠤᠯ ᠤᠨ ᠤᠯᠠᠷᠢᠯ ᠤᠨ ᠪᠡᠶ᠎ᠠ ᠶᠢᠨ ᠲᠠᠮᠢᠷ ᠤᠨ ᠬᠥᠳᠡᠯᠭᠡᠭᠡᠨ ᠤ ᠷᠢᠳᠢ ᠰᠢᠳᠢ ᠶᠢ ᠭᠠᠶᠢᠬᠠᠭᠤᠯᠵᠥ᠂ |
ᠴᠠᠰᠤ ᠮᠥᠰᠤᠨ ᠤ ᠬᠠᠪᠤ ᠴᠡᠩᠭᠡᠯ ᠢ ᠤᠯᠠᠨ ᠲᠥᠮᠡᠨ ᠳᠤ ᠬᠠᠷᠠᠭᠤᠯᠤᠭᠰᠠᠨ ᠪᠠᠶᠢᠨ᠎ᠠ᠃ |
ᠲᠤᠰ ᠤᠳᠠᠭᠠᠨ ᠤ ᠤᠷᠤᠯᠳᠤᠭᠠᠨ ᠳᠤ᠂ ᠮᠥᠰᠤᠨ ᠪᠥᠮᠪᠦᠭᠡ᠂ ᠲᠥᠷᠭᠡᠨ ᠲᠠᠰᠢᠯᠳᠠ᠂ ᠴᠠᠰᠤᠨ ᠪᠠᠶᠢᠯᠳᠤᠭᠠᠨ᠂ |
ᠴᠠᠰᠤᠨ ᠲᠡᠭᠡᠷᠡᠬᠢ ᠬᠥᠯ ᠪᠥᠮᠪᠦᠭᠡ᠂ ᠤᠢᠢᠷ᠎ᠠ ᠵᠠᠢ ᠶᠢᠨ ᠲᠥᠷᠭᠡᠨ ᠲᠠᠰᠢᠯᠳᠠ᠂ ᠴᠠᠰᠤᠨ ᠲᠡᠭᠡᠷᠡᠬᠢ ᠴᠢᠭᠯᠡᠯᠳᠤ |
ᠤᠷᠤᠯᠳᠤᠭᠠᠨ᠂ ᠭᠡᠭᠡᠷᠡᠯᠡᠨ ᠴᠡᠨᠠᠯᠠᠬᠤ᠂ ᠠᠭᠤᠯᠠᠨ ᠤ ᠴᠡᠨᠡᠯᠡᠯᠳᠠ ᠵᠡᠷᠭᠡ 8 ᠶᠡᠭᠡ ᠤᠷᠤᠯᠳᠤᠭᠠᠨ ᠤ 97 ᠪᠠᠭ᠎ᠠ |
ᠲᠥᠷᠥᠯ ᠤᠨ ᠤᠷᠤᠯᠳᠤᠭᠠᠨ ᠶᠠᠪᠤᠭᠳᠠᠭᠰᠠᠨ ᠪᠠᠶᠢᠨ᠎ᠠ᠃ |
|
|
|
|
|
|
|
|
|
|