ᠪᠥᠬᠡ ᠨᠢ ᠡᠮᠥᠰᠬᠡᠯ ᠵᠠᠰᠠᠯ᠂ ᠰᠤᠷᠢᠶ᠎ᠡ ᠪᠤᠯᠪᠠᠰᠣᠷᠠᠯ᠂ ᠪᠠᠷᠢᠯᠳᠤᠬᠤ ᠵᠢᠷᠣᠮ᠂ ᠱᠠᠩ ᠬᠡᠰᠢᠭ ᠵᠠᠷᠭᠡ ᠲᠠᠯ᠎ᠠ ᠪᠠᠷ |
ᠴᠢᠩᠭ᠎ᠠ ᠲᠦᠷᠢᠮᠵᠢᠭᠰᠡᠨ ᠴᠡᠭᠡᠷ ᠶᠤᠰᠤ ᠲᠠᠢ ᠪᠤᠯᠤᠭᠰᠠᠨ ᠶᠤᠮ᠃ |
︽ᠬᠦᠮᠥᠨ ᠳᠤ ᠠᠬ᠎ᠠ ᠲᠠᠢ᠂ ᠲᠡᠪᠡᠯ ᠳᠤ ᠵᠠᠭᠠᠮ᠎ᠠ ᠲᠠᠢ︾ ᠭᠡᠳᠡᠭᠴᠢᠯᠠᠨ ᠮᠤᠩᠭᠤᠯᠴᠤᠳ ᠪᠤᠯ ᠠᠬᠠᠰ ᠵᠠᠬᠠᠰ ᠢᠶᠠᠨ |
ᠬᠦᠨᠳᠦᠯᠡᠨ᠂ ᠲᠡᠪᠡᠯ ᠮᠠᠯᠠᠭᠠᠢ ᠪᠠᠨ ᠡᠷᠬᠢᠮᠨᠡᠨ ᠲᠡᠭᠡᠳᠦᠯᠡᠳᠡᠭ ᠪᠤᠯᠪᠠᠰᠤᠨ ᠰᠤᠷᠲᠠᠯ ᠲᠠᠢ ᠲᠤᠯᠠ ᠦᠶ᠎ᠡ ᠦᠶ᠎ᠡ ᠶᠢᠨ |
ᠬᠦᠴᠦᠲᠦ ᠪᠥᠬᠡᠴᠤᠳ ᠴᠤ ᠡᠮᠥᠰᠬᠡᠯ ᠵᠠᠰᠠᠯ ᠢᠶᠠᠨ ᠨᠠᠨᠳᠢᠩᠨᠠᠨ ᠬᠠᠶᠢᠷᠠᠯᠠᠵᠦ᠂ ᠶᠤᠰᠤ ᠲᠦᠷᠢᠮ ᠲᠠᠢ ᠡᠳ᠋ᠯᠡᠭᠰᠡᠭᠡᠷ |
ᠢᠷᠡᠭᠰᠡᠨ ᠲᠡᠤᠬᠡ ᠲᠠᠢ᠃ ᠪᠥᠬᠡᠴᠤᠳ ᠮᠠᠯᠠᠭᠠᠢ ᠪᠠᠨ ᠭᠠᠵᠠᠷ ᠤᠨᠠᠭᠠᠬᠤ᠂ ᠬᠢᠰᠬᠢᠬᠦ᠂ ᠲᠡᠭᠡᠭᠦᠷ ᠨᠢ ᠠᠯᠬᠤᠬᠤ ᠶᠢ ᠲᠤᠩ |
ᠴᠡᠭᠡᠷᠯᠡᠳᠡᠭ᠃ ᠵᠠᠩᠭ᠎ᠠ ᠳᠤ ᠬᠠᠷ᠎ᠠ ᠥᠩᠭᠡ ᠶᠢᠨ ᠲᠤᠷᠭᠠᠨ ᠥᠭᠡᠳᠡᠰᠤ ︵ᠴᠠᠴᠤᠭ︶ ᠤᠷᠤᠬᠤ ᠶᠢ ᠴᠡᠭᠡᠷᠯᠡᠳᠡᠭ ᠪᠠ |
ᠪᠤᠰᠤᠳ ᠬᠥᠮᠥᠨ ᠢ ᠲᠤᠷ᠎ᠠ ᠪᠠᠷ ᠭᠠᠷ ᠬᠥᠷᠥᠬᠦᠯᠳᠡᠭ ᠥᠬᠡᠢ᠂ ᠪᠣᠵᠠᠷ ᠪᠤᠷᠳᠠᠭ ᠲᠠᠢ ᠶᠠᠭᠤᠮᠠᠨ ᠳᠤ ᠤᠢᠢᠷᠠᠳᠤᠭᠤᠯᠬᠤ |
ᠥᠭᠡᠢ ᠪᠥᠭᠡᠳ ᠲᠡᠭᠡᠬᠦᠷ ᠨᠢ ᠠᠯᠬᠤᠬᠤ᠂ ᠪᠤᠰᠤᠳ ᠲᠤ ᠵᠢᠭᠡᠯᠡᠬᠦᠯᠬᠦ ᠶᠢ ᠴᠡᠭᠡᠷᠯᠡᠳᠡᠭ᠃ ᠪᠠᠰᠠ ᠬᠦᠯᠦᠰᠦ ᠪᠤᠯᠤᠭᠰᠠᠨ |
ᠵᠠᠩᠭ᠎ᠠ ᠪᠠᠨ ᠤᠬᠢᠶᠠᠬᠤ ᠶᠢ ᠴᠡᠭᠡᠷᠯᠡᠵᠤ᠂ ᠵᠠᠩᠭ᠎ᠠ ᠶᠢ ᠪᠠᠷᠢᠯᠳᠤᠬᠤ ᠥᠬᠡᠢ ᠥᠶ᠎ᠡ ᠳᠤ ᠪᠠᠨ ᠪᠥᠰ ᠢᠶᠠᠷ ᠪᠠᠭᠯᠠᠵᠥ᠂ |
ᠬᠠᠨ᠎ᠠ ᠶᠢᠨ ᠲᠤᠯᠤᠭᠠᠢ ᠳᠤ ᠡᠯᠬᠦᠬᠦ ᠪᠣᠶᠣ ᠵᠣᠳᠤᠭ ᠤᠨ ᠲᠡᠭᠡᠷ᠎ᠡ ᠲᠡᠯᠪᠢᠵᠥ᠂ ᠠᠪᠳᠠᠷ᠎ᠠ ᠬᠤᠷᠭᠤᠨ ᠳᠤ ᠬᠢᠭᠰᠡᠨ ᠴᠤ |
ᠬᠠᠮᠤᠭ ᠤᠨ ᠲᠡᠭᠡᠷ᠎ᠡ ᠨᠢ ᠲᠠᠯᠪᠢᠵᠥ ᠬᠠᠳᠠᠭᠠᠯᠠᠳᠠᠭ᠃ ᠲᠤᠪᠤᠷᠤᠤ ᠲᠠᠢ ᠵᠤᠳᠤᠭ ᠢ ᠵᠣᠵᠠᠭᠠᠨ ᠪᠥᠰ ᠢᠶᠠᠷ ᠲᠤᠳᠤᠷ |
ᠬᠢᠵᠥ᠂ ᠲᠤᠪᠣᠷᠣᠣ ᠶᠢᠨ ᠬᠠᠳᠠᠭᠠᠰᠤ ᠪᠥᠭᠡᠴᠢᠨ ᠤ ᠪᠡᠶ᠎ᠡ ᠶᠢ ᠰᠢᠷᠠᠬᠳᠣᠭᠤᠯᠬᠤ ᠪᠤᠶᠤ ᠪᠤᠰᠤᠳ ᠢ ᠭᠡᠮᠳᠦᠭᠡᠬᠦ ᠶᠢ |
ᠴᠡᠭᠡᠷᠯᠡᠳᠡᠭ ᠶᠤᠰᠤ ᠲᠠᠢ᠃ ᠭᠡᠲᠦ ᠨᠠᠷᠢᠬᠠᠨ ᠪᠤᠶᠤ ᠬᠠᠲᠠᠭᠤ ᠡᠳ᠋ ᠢᠶᠠᠷ ᠡᠯᠢᠬᠡ ᠪᠥᠰᠡ ᠬᠢᠬᠦ ᠥᠭᠡᠢ ᠪᠥᠭᠡᠳ ᠡᠯᠢᠭᠡ |
ᠪᠥᠰᠡ ᠶᠢ ᠰᠤᠯᠠ ᠪᠦᠰᠡᠯᠡᠬᠦ ᠶᠢ ᠴᠡᠭᠡᠷᠯᠡᠳᠡᠭ ᠶᠤᠰᠤᠨ ᠪᠤᠢ᠃ |
ᠰᠤᠷᠢᠶ᠎ᠠ ᠪᠤᠯᠪᠠᠰᠤᠷᠠᠯ ᠤᠨ ᠬᠤᠭᠤᠴᠠᠭᠠᠨ ᠳᠤ᠂ ᠬᠤᠷᠴᠠ ᠲᠤᠰᠤᠯᠢᠬ ᠢᠳᠡᠭᠡᠨ ᠢᠳᠡᠭᠦ᠂ ᠠᠷᠢᠬᠢ ᠲᠠᠮᠠᠬᠢ |
ᠡᠳ᠋ᠯᠡᠬᠦ᠂ ᠬᠦᠢᠳᠡᠨ ᠤᠰᠤ ᠤᠤᠭᠤᠬᠤ ᠶᠢ ᠴᠡᠭᠡᠷᠯᠡᠳᠡᠭ᠃ ᠪᠥᠬᠡ ᠶᠢᠨ ᠤᠨᠤᠭᠠᠯᠳᠠ ᠳᠤ᠂ ᠭᠠᠳᠠᠨ᠎ᠠ ᠠᠴᠠ ᠢᠷᠡᠭᠰᠡᠨ |
ᠪᠦᠬᠡ ᠶᠢ ᠠᠯᠢ ᠴᠢᠳᠠᠬᠤ ᠪᠠᠷ ᠦᠪᠡᠷ ᠤᠨ ᠬᠠᠷᠢᠶᠠᠨ ᠤ ᠵᠠᠯᠠᠭᠤ ᠪᠦᠬᠡᠴᠤᠳ ᠢᠶᠠᠷ ᠡᠷᠳᠡᠬᠡᠨ ᠬᠠᠶᠠᠭᠤᠯᠬᠤ ᠶᠢ |
ᠵᠤᠷᠢᠵᠤ᠂ ᠠᠩᠬᠠᠨ ᠤ ᠳᠠᠪᠠᠭᠠᠨ ᠠᠴᠠ ᠭᠠᠳᠠᠨ᠎ᠠ ᠶᠢᠨ ᠪᠦᠬᠡ ᠶᠢᠨ ᠤᠷ᠎ᠠ ᠡᠷᠳᠡᠮ᠂ ᠴᠢᠳᠠᠯ ᠬᠦᠴᠦᠨ ᠤ ᠪᠠᠶᠢᠳᠠᠯ ᠢ |
ᠠᠩᠬᠠᠷᠤᠨ ᠰᠤᠳᠤᠯᠵᠤ᠂ ᠬᠡᠨ ᠢ ᠬᠡᠨ ᠢᠶᠠᠷ ᠤᠨᠠᠭᠠᠬᠤ ᠶᠢ ᠨᠠᠷᠢᠨ ᠪᠤᠳᠤᠯᠬᠢᠯᠠᠳᠠᠭ ᠪᠤᠯᠪᠠᠴᠦ᠂ ᠠᠯᠳᠠᠷ ᠴᠤᠤᠲᠤ |
ᠪᠥᠬᠡ ᠶᠢ ᠬᠠᠷᠢᠯᠴᠠᠨ ᠤᠨᠤᠭ᠎ᠠ ᠲᠠᠭᠠᠷᠠᠭᠤᠯᠬᠤ᠂ ᠭᠠᠳᠠᠨ᠎ᠠ ᠶᠢᠨ ᠪᠥᠬᠡ ᠶᠢ ᠭᠠᠳᠠᠭᠤᠷᠴᠢᠯᠠᠬᠤ᠂ ᠠᠬᠠᠮᠠᠳ ᠪᠥᠬᠡ ᠶᠢ |
ᠠᠩᠬᠠᠨ ᠤ ᠤᠨᠤᠭᠠᠨ ᠳᠤ ᠰᠢᠷᠦ᠋ᠢᠳᠤᠭᠤᠯᠬᠤ ᠵᠡᠷᠭᠡ ᠶᠢ ᠴᠡᠭᠡᠷᠯᠡᠳᠡᠭ ᠶᠤᠰᠤᠨ ᠪᠠᠶᠢᠳᠠᠭ᠃ ᠪᠤᠯᠪᠠᠰᠤᠷᠠᠯ |
ᠰᠢᠯᠭᠠᠯᠲᠠ ᠶᠢᠨ ᠪᠠᠷᠳᠠᠭ᠎ᠠ ᠲᠤᠭᠤᠯᠵᠦ ᠴᠢᠳᠠᠭᠠᠳᠤᠢ ᠰᠤᠷᠢᠶᠡᠨ ᠤ ᠵᠠᠯᠠᠭᠤ ᠪᠥᠬᠡᠴᠤᠤᠯ ᠢ ᠬᠢᠯᠪᠠᠷᠬᠠᠨ ᠭᠠᠳᠠᠭᠰᠢ |
ᠨᠠᠶᠢᠷ ᠲᠤ ᠶᠠᠪᠤᠭᠤᠯᠳᠠᠭ ᠦᠬᠡᠢ ᠪᠥᠬᠡᠳ ᠨᠡᠯᠢᠶᠡᠳ ᠢᠳᠡᠭᠡᠯ ᠨᠠᠶᠢᠳᠠᠯᠭ᠎ᠠ ᠲᠠᠢ ᠪᠤᠯᠤᠭᠰᠠᠨ ᠦᠶ᠎ᠡ ᠳᠤ ᠰᠠᠶ᠋ᠢ |
ᠲᠤᠮᠤᠬᠠᠨ ᠨᠠᠶᠢᠷ ᠲᠤ ᠪᠠᠷᠢᠯᠳᠤᠬᠤ ᠪᠠᠷ ᠶᠠᠪᠤᠬᠤ ᠶᠢ ᠵᠦᠪᠰᠢᠶᠡᠷᠡᠳᠡᠭ᠃ |
ᠪᠠᠷᠢᠯᠳᠤᠭᠠᠨ ᠤ ᠶᠠᠪᠤᠴᠠ ᠳᠤ᠂ ᠪᠥᠬᠡ ᠬᠦᠮᠦᠨ ᠤ ᠪᠠᠭᠤᠵᠦ ᠦᠭᠬᠦ ᠶᠢ ᠶᠡᠬᠡᠲᠡ ᠴᠡᠭᠡᠷᠯᠡᠳᠡᠭ ᠨᠢ ᠨᠠᠶᠢᠷ |
ᠨᠠᠭᠠᠳᠤᠮ ᠰᠤᠨᠢᠷᠬᠠᠵᠦ ᠪᠠᠶᠢᠭ᠎ᠠ ᠦᠵᠡᠭᠴᠢ ᠤᠯᠠᠨ ᠤ ᠤᠷᠬᠢᠯᠤᠮ᠎ᠠ ᠬᠠᠯᠠᠭᠤᠨ ᠰᠡᠳᠬᠢᠯ ᠢ ᠨᠢ ᠰᠡᠪᠳᠤᠭᠡᠬᠦ ᠶᠢ |
ᠭᠢᠴᠢᠶᠡᠭᠰᠡᠨ ᠶᠠᠪᠤᠳᠠᠯ ᠪᠥᠭᠡᠳ ᠢᠯᠠᠩᠭᠤᠶ᠎ᠠ ᠪᠠᠭᠤᠵᠦ ᠦᠭᠬᠦ ᠶᠢ ᠪᠥᠬᠡ ᠬᠦᠮᠦᠨ ᠤ ᠦᠶ᠎ᠡ ᠰᠤᠯᠠᠷᠠᠵᠦ ᠬᠡᠶᠢᠮᠤᠷᠢ |
ᠬᠡᠪᠲᠡᠨ᠎ᠡ ᠬᠡᠵᠦ ᠦᠵᠡᠳᠡᠭ ᠤᠯᠠᠮᠵᠢᠯᠠᠯᠲᠦ ᠦᠵᠡᠯᠲᠡ ᠲᠠᠢ ᠬᠤᠯᠪᠤᠭ᠎ᠠ ᠲᠠᠢ ᠶᠤᠮ᠃ ᠪᠦᠬᠡ ᠶᠢᠨ ᠤᠷᠢᠶ᠎ᠠ ᠦᠭᠡᠢ ᠪᠠᠷ |
ᠪᠦᠬᠡ ᠲᠠᠯᠪᠢᠬᠤ ᠶᠢ ᠴᠡᠬᠡᠷᠯᠡᠵᠤ᠂ ᠠᠯᠳᠠᠷᠳᠤ ᠪᠦᠬᠡ᠂ ᠠᠬᠠᠮᠠᠳ ᠪᠦᠬᠡ ᠶᠢ ᠬᠤᠶᠢᠨ᠎ᠠ ᠭᠠᠷᠤᠭᠠᠨ ᠳᠤ ᠭᠠᠷᠭᠠᠬᠤ ᠶᠢ |
ᠤᠨᠴᠠᠭᠠᠢ ᠴᠡᠭᠡᠷᠯᠡᠳᠡᠭ᠃ ᠮᠠᠭᠰᠢᠯᠳᠠ ᠳᠡᠪᠢᠯᠳᠡ ᠦᠭᠡᠢ ᠪᠦᠬᠡ ᠶᠢᠨ ᠲᠠᠯᠠᠪᠠᠢ ᠳᠤ ᠭᠠᠷᠬᠤ ᠶᠢ ᠪᠥᠬᠡ ᠶᠢᠨ ᠵᠢᠷᠤᠮ |
ᠶᠤᠰᠤᠨ ᠤ ᠬᠤᠪᠢ ᠳᠤ ᠴᠡᠬᠡᠷᠯᠡᠳᠡᠭ᠃ ᠪᠠᠷᠢᠴᠠ ᠠᠪᠬᠤ ᠳᠤ ᠪᠠᠨ ᠭᠡᠨᠡᠳᠡᠭᠦᠯᠥᠨ ᠠᠷᠤᠳᠠᠵᠦ ᠪᠠᠷᠢᠬᠤ ᠶᠢ ᠴᠡᠭᠡᠷᠯᠡᠵᠤ᠂ |
ᠦᠰᠦ ᠲᠤᠯᠤᠭᠠᠢ ᠪᠤᠶᠤ ᠵᠠᠩᠬᠢᠶ᠎ᠠ ᠳᠤ ᠭᠠᠷ ᠬᠦᠷᠬᠦ ᠶᠢ ᠴᠡᠭᠡᠷᠯᠡᠵᠤ᠂ ᠪᠠᠷᠢᠯᠳᠤᠬᠤ ᠶᠠᠪᠤᠴᠠ ᠳᠤ ᠦᠭᠡ ᠶᠠᠷᠢᠵᠦ |
ᠢᠨᠢᠶᠡᠯᠴᠡᠬᠦ᠂ ᠬᠦᠯ ᠠᠴᠠ ᠪᠠᠷᠢᠬᠤ᠂ ᠦᠮᠦᠲᠦ ᠪᠤᠶᠤ ᠬᠤᠷᠮᠦ᠋ᠢᠪᠴᠢ ᠠᠴᠠ ᠪᠠᠷᠢᠬᠤ᠂ ᠤᠨᠠᠭᠰᠠᠨ ᠪᠥᠭᠡ ᠶᠢᠨ |
ᠲᠡᠭᠡᠭᠦᠷ ᠨᠢ ᠭᠠᠷᠬᠤ ᠪᠤᠶᠤ ᠵᠤᠷᠢᠭᠤᠳᠠ ᠬᠦᠴᠦᠲᠠᠢ ᠲᠠᠷᠦᠵᠦ ᠤᠢᠢᠴᠢᠬᠤ ᠮᠡᠲᠦ ᠶᠢᠨ ᠲᠤᠷᠤᠮᠵᠢᠯᠠᠯ ᠪᠠ |
ᠬᠤᠤᠷᠯᠠᠯ ᠤᠨ ᠴᠢᠨᠠᠷᠲᠠᠢ ᠤᠪᠤᠷ ᠵᠠᠩ ᠭᠠᠷᠭᠠᠬᠤ ᠶᠢ ᠴᠡᠭᠡᠷᠯᠡᠨ ᠬᠤᠷᠢᠭᠯᠠᠳᠠᠭ ᠪᠠ ᠵᠠᠰᠠᠭᠤᠯᠴᠢ ᠬᠢᠨᠠᠭᠴᠢ ᠲᠠᠢ |
ᠮᠠᠷᠭᠤᠵᠦ ᠬᠡᠷᠡᠯᠳᠦᠬᠦ ᠶᠢ ᠴᠡᠭᠡᠷᠯᠡᠳᠡᠭ ᠨᠢ ᠪᠥᠬᠡ ᠪᠤᠯᠤᠭᠰᠠᠳ ᠤᠨ ᠨᠠᠭᠠᠲᠦ ᠵᠠᠬ᠎ᠠ ᠶᠢᠨ ᠱᠠᠭᠠᠷᠳᠠᠯᠭ᠎ᠠ ᠪᠠᠶᠢᠵᠦ᠂ |
ᠪᠤᠰᠤᠳ ᠲᠤ ᠶᠤᠰᠤᠷᠬᠠᠭ ᠨᠠᠶᠢᠷᠰᠠᠭ ᠬᠠᠨᠳᠤᠬᠤ ᠶᠢᠨ ᠴᠢᠬᠤᠯᠠ ᠵᠠᠷᠴᠢᠮ ᠪᠤᠯᠤᠭᠰᠠᠭᠠᠷ ᠢᠷᠡᠪᠡ᠃ ᠲᠠᠪᠤᠰᠠᠩ |
ᠲᠡᠭᠡᠷ᠎ᠡ ᠨᠢ ᠡᠪᠤᠳᠥᠭᠯᠡᠬᠦ᠂ ᠬᠢᠩᠭᠠᠷ᠎ᠠ ᠰᠢᠯᠪᠢ ᠶᠢ ᠨᠢ ᠢᠰᠬᠦᠯᠬᠦ᠂ ᠲᠥᠪᠥᠩᠬᠡᠢ ᠪᠤᠶᠤ ᠴᠡᠭᠡᠵᠢᠨ ᠲᠡᠭᠡᠷ᠎ᠡ ᠨᠢ |
ᠲᠤᠬᠤᠢᠢᠯᠳᠠᠨ ᠲᠠᠷᠤᠵᠦ ᠤᠢᠢᠴᠢᠬᠤ ᠵᠡᠷᠭᠡ ᠬᠤᠤᠷᠯᠠᠯ ᠤᠨ ᠴᠢᠨᠠᠷᠲᠠᠢ ᠮᠡᠭᠡ ᠬᠢᠬᠦ ᠶᠢ ᠴᠡᠭᠡᠷᠯᠡᠬᠦ ᠵᠡᠷᠭᠡ ᠨᠢ ᠪᠥᠬᠡ |
ᠬᠦᠮᠦᠨ ᠤ ᠡᠷᠡᠭᠦᠯ ᠮᠡᠨᠲᠦ᠂ ᠠᠮᠢ ᠨᠠᠰᠤᠨ ᠳᠤ ᠠᠶᠤᠯ ᠤᠰᠤᠯ ᠲᠠᠢ ᠪᠤᠯᠬᠤ ᠠᠴᠠ ᠰᠡᠷᠭᠡᠶᠢᠯᠡᠭᠰᠡᠨ ᠰᠢᠭᠤᠳ |
ᠬᠠᠨᠳᠤᠯᠭ᠎ᠠ ᠲᠠᠢ ᠶᠤᠮ᠃ |
ᠵᠠᠰᠠᠭᠤᠯᠴᠢ ᠪᠠ ᠬᠢᠨᠠᠭᠴᠢ ᠠᠴᠠ ᠪᠠᠷᠢᠯᠳᠤᠵᠤ ᠪᠠᠶᠢᠭ᠎ᠠ ᠪᠦᠬᠡ ᠶᠢᠨ ᠪᠡᠶ᠎ᠠ ᠳᠤ ᠬᠦᠴᠦ ᠨᠡᠮᠡᠨ ᠠᠯᠠᠭᠠᠳᠠᠵᠤ |
ᠲᠦᠯᠬᠢᠬᠦ ᠪᠤᠶᠤ ᠲᠦᠰᠢᠵᠤ ᠲᠤᠯᠬᠤ ᠶᠢ ᠴᠡᠬᠡᠷᠯᠡᠭᠦ᠂ ᠲᠠᠨᠢᠯ ᠲᠠᠯ᠎ᠠ ᠬᠠᠷᠠᠬᠤ᠂ ᠦᠪᠡᠷ ᠤᠨ ᠪᠦᠬᠡ ᠶᠢᠨ ᠤᠨᠠᠭᠰᠠᠨ |
ᠲᠠᠪᠠᠭᠰᠠᠨ ᠢ ᠨᠠᠷᠢᠨ ᠬᠠᠷᠠᠭᠰᠠᠨ ᠴᠤ ᠰᠢᠳᠤᠷᠭᠤ ᠪᠤᠰᠤ ᠬᠠᠨᠳᠤᠬᠤ ᠶᠢ ᠴᠡᠬᠡᠷᠯᠡᠭᠦ᠂ ᠪᠠᠷᠢᠯᠳᠤᠭᠠᠨ ᠤ ᠲᠦᠷᠢᠮ |
ᠵᠦᠷᠢᠴᠡᠭᠰᠠᠨ ᠪᠦᠬᠡ ᠳᠤ ᠡᠪᠯᠡᠷᠡᠩᠭᠦᠢ ᠬᠠᠨᠳᠤᠬᠤ ᠶᠢ ᠴᠡᠬᠡᠷᠯᠡᠬᠦ ᠵᠡᠷᠬᠡ ᠨᠢ ᠵᠠᠰᠠᠭᠤᠯᠴᠢ᠂ ᠬᠢᠨᠠᠭᠴᠢ ᠶᠢᠨ ᠲᠦᠪ |
ᠴᠢᠭᠴᠢ᠂ ᠦᠨᠡᠨᠴᠢ ᠰᠢᠳᠤᠷᠭᠤ᠂ ᠢᠯᠳᠠᠷ ᠬᠠᠷᠠᠬᠤ ᠦᠬᠡᠢ᠂ ᠠᠰᠢᠭ ᠰᠠᠨᠠᠬᠤ ᠦᠬᠡᠢ ᠬᠡᠪ ᠴᠢᠨᠠᠷ ᠤᠨ ᠬᠢᠨᠢ ᠪᠤᠳᠠᠲᠦ |
ᠬᠡᠮᠵᠢᠭᠦᠷ ᠪᠤᠯᠬᠤ ᠶᠤᠮ᠃ |