ᠪᠦᠬᠡ ᠲᠠᠭᠤᠳᠠᠬᠤ ᠵᠢᠴᠢ ᠭᠠᠷᠤᠭ᠎ᠠ ᠲᠡᠪᠢᠯᠬᠡ ᠰᠢᠪᠠᠭ᠎ᠠ ᠬᠦᠯᠣᠨ ᠪᠤᠶᠢᠷ ᠤᠨ ᠶᠡᠭᠡ ᠪᠠᠭ᠎ᠠ ᠬᠡᠪᠴᠢᠶᠡᠨ ᠤ |
ᠨᠠᠶᠢᠷ ᠨᠠᠭᠠᠳᠣᠮ ᠤᠨ ᠠᠯᠬᠤᠮ ᠲᠠᠷᠠᠭᠠᠯᠠᠯ ᠨᠢ ᠶᠡᠷᠣᠩᠬᠡᠢ ᠳᠡᠭᠡᠨ ᠠᠳᠠᠯᠢᠪᠳᠣᠷ ᠪᠠᠶᠢᠳᠠᠭ᠃ ᠲᠡᠬᠢᠪᠡᠯ ᠨᠠᠶᠢᠷ |
ᠨᠠᠭᠠᠳᠣᠮ ᠤᠨ ᠵᠣᠬᠢᠶᠠᠨ ᠪᠠᠶᠢᠭᠤᠯᠬᠤ ᠵᠦᠪᠯᠠᠯ ᠠᠴᠠ ᠠᠵᠢᠯ ᠢᠶᠠᠨ ᠲᠣᠬᠢᠷᠠᠭᠤᠯᠵᠣ᠂ ᠡᠷᠳᠡ ᠶᠢᠨ ᠨᠠᠷᠠᠨ ᠲᠠᠢ |
ᠣᠷᠣᠯᠳᠣᠨ ᠮᠣᠷᠢᠳ ᠢᠶᠠᠨ ᠣᠷᠣᠯᠳᠣᠭᠤᠯᠣᠨ᠂ ᠲᠡᠷᠡ ᠡᠳᠣᠷ ᠤᠨ ᠨᠠᠶᠢᠷ ᠤᠨ ᠬᠡᠶᠢᠮᠣᠷᠢ ᠰᠦᠯᠳᠡ ᠶᠢ ᠪᠣᠰᠬᠠᠨ |
ᠨᠠᠭᠠᠳᠣᠮᠴᠢᠳ ᠢ ᠪᠠᠶᠠᠷ ᠬᠦᠷ ᠤᠨ ᠠᠭᠤᠷ ᠠᠮᠢᠰᠬᠤᠯ ᠢᠶᠠᠷ ᠪᠢᠯᠬᠠᠨ ᠶᠠᠷᠢᠶ᠎ᠠ ᠬᠡᠯᠡᠯᠴᠡᠭᠡ ᠶᠢᠨ |
ᠰᠡᠳᠣᠪ ᠲᠠᠢ ᠪᠤᠯᠭᠠᠨ᠎ᠠ᠃ ᠲᠠᠷᠠᠭ᠎ᠠ ᠨᠢ ᠶᠣᠰᠣᠯᠠᠯ ᠤᠨ ᠲᠠᠶᠢᠰᠠᠨ ᠳᠤ ᠲᠤᠭ ᠰᠦᠯᠳᠠ ᠮᠠᠡᠳᠣᠨ ᠣᠷᠳᠣ ᠶᠢᠨ |
ᠰᠠᠶᠢᠬᠠᠨ ᠳᠠᠭᠤᠤ ᠬᠠᠨᠭ᠍ᠬᠢᠨᠠᠨ ᠪᠦᠬᠡ ᠰᠣᠨᠢᠷᠬᠠᠬᠤ ᠨᠠᠭᠠᠳᠣᠮᠴᠢᠳ ᠤᠨ ᠴᠣᠬᠯᠠᠭᠠᠨ ᠪᠣᠯᠣᠨ᠎ᠠ᠃ ᠣᠷᠳᠣ ᠶᠢᠨ ᠲᠠᠭᠤᠣ |
ᠠᠶᠠᠯᠠᠭᠤᠯᠣᠨ ᠪᠦᠬᠡ ᠶᠢᠨ ᠵᠠᠰᠠᠭᠤᠯ ᠤᠳ ᠪᠦᠬᠡᠴᠢᠳ ᠤᠨ ᠨᠡᠷᠡᠰ ᠢ ᠪᠦᠷᠢᠳᠬᠡᠨ ᠵᠡᠬᠦᠨ ᠲᠠᠯ᠎ᠠ ᠳᠤ ᠦᠪᠡᠷ ᠤᠨ |
ᠨᠣᠳᠤᠭ ᠤᠨ ᠨᠡᠷᠡᠳᠣ ᠪᠦᠬᠡ ᠪᠠᠷ ᠦᠵᠣᠬᠦᠷ ᠲᠠᠭᠠᠭᠠᠯᠭᠠᠵᠣ ᠵᠣᠬᠰᠣᠭᠠᠨ᠂ ᠪᠠᠷᠠᠭᠤᠨ ᠲᠠᠯ᠎ᠠ ᠶᠢᠨ ᠦᠵᠣᠬᠦᠷ ᠲᠤ |
ᠬᠠᠷᠢ ᠨᠣᠳᠤᠭ ᠤᠨ ᠨᠡᠷᠡᠳᠣ ᠪᠦᠬᠡ ᠶᠢ ᠬᠦᠡᠳᠣᠳᠬᠡᠯ ᠦᠵᠡᠬᠦᠯᠣᠨ ᠦᠵᠣᠬᠦᠷ ᠲᠤ ᠵᠣᠬᠰᠣᠭᠠᠨ᠂ ᠲᠠᠷᠠᠭᠠᠯᠠᠨ |
ᠪᠦᠬᠡᠴᠢᠳ ᠢ ᠨᠡᠷᠡᠰ ᠪᠦᠷᠢᠳᠬᠡᠨ ᠵᠢᠬᠰᠠᠭᠠᠨᠠ᠃ ᠪᠦᠬᠡᠴᠢᠳ ᠣᠨᠤᠭ᠎ᠠ ᠨᠣᠭᠤᠯᠤᠭ᠎ᠠ ᠪᠠᠨ ᠠᠩᠬᠠᠷᠣᠨ ᠪᠦᠬᠡ |
ᠭᠠᠷᠬᠤ ᠪᠡᠯᠡᠳᠬᠡᠯ ᠢᠶᠠᠨ ᠬᠢᠨ᠎ᠡ᠃ |
ᠬᠦᠯᠣᠨ ᠪᠤᠶᠢᠷ ᠤᠨ ᠲᠣᠯᠢᠶᠠᠳᠣ ᠪᠦᠬᠡ ᠶᠢᠨ ᠲᠡᠪᠢᠯᠳᠡ ᠶᠢᠨ ᠲᠣᠬᠠᠢ |
ᠮᠣᠩᠭᠤᠯ ᠪᠦᠬᠡ ᠨᠢ ᠮᠣᠩᠭᠤᠯᠴᠣᠳ ᠤᠨ ᠡᠷ᠎ᠡ ᠶᠢᠨ ᠭᠤᠷᠪᠠᠨ ᠡᠷᠳᠡᠮ ᠤᠨ ᠲᠡᠷᠢᠬᠦᠨ ᠡᠷᠳᠡᠮ ᠳᠤ ᠣᠷᠣᠨ᠎ᠠ᠂ |
ᠪᠦᠬᠡ ᠪᠠᠷᠢᠯᠳᠣᠬᠤ ᠶᠣᠰᠣᠨ ᠨᠢ ᠶᠣᠰᠣᠯᠠᠯ ᠤᠨ ᠲᠠᠶᠢᠰᠠ ᠶᠢᠨ ᠡᠮᠣᠨ᠎ᠡ ᠲᠠᠯ᠎ᠠ ᠳᠤ ᠨᠢ ᠪᠦᠬᠡ ᠶᠢᠨ ᠨᠤᠭᠤᠯᠤᠭ᠎ᠠ |
ᠲᠠᠭᠠᠷᠠᠭᠤᠯᠣᠨ ᠪᠦᠬᠡ ᠶᠢᠨ ᠦᠵᠣᠬᠦᠷ ᠲᠠᠭᠠᠭᠠᠬᠤ ᠲᠦᠷᠪᠠ ᠪᠣᠶᠣ ᠨᠠᠢᠮᠠᠨ ᠪᠦᠬᠡ ᠶᠢ ᠵᠢᠬᠰᠠᠭᠠᠨ ᠵᠡᠬᠦᠨ ᠭᠠᠷ ᠲᠠᠯ᠎ᠠ᠂ |
ᠪᠠᠷᠠᠭᠤᠨ ᠭᠠᠷ ᠲᠠᠯ᠎ᠠ ᠬᠡᠵᠣ ᠬᠤᠶᠠᠷ ᠲᠠᠯ᠎ᠠ ᠳᠤ ᠭᠠᠷᠯᠠᠨ ᠲᠡᠰ ᠲᠠᠷᠠᠭ᠎ᠠ ᠪᠠᠷ ᠢᠶᠠᠨ ᠲᠠᠭᠠᠯᠳᠠᠨ ᠵᠣᠬᠰᠣᠭᠠᠨ᠎ᠠ᠃ |
ᠪᠦᠬᠡ ᠶᠢᠨ ᠨᠠᠶᠢᠷ ᠨᠢ᠄ ᠬᠢᠨᠠᠬᠴᠢ ᠵᠠᠰᠠᠭᠤᠯ ᠤᠨ ᠠᠵᠢᠯ᠂ ᠪᠦᠬᠡ ᠶᠢᠨ ᠨᠤᠭᠤᠯᠤᠭ᠎ᠠ᠂ ᠪᠦᠬᠡ ᠭᠠᠷᠬᠤ ᠪᠡᠯᠡᠳᠬᠡᠯ |
ᠬᠢᠨ᠎ᠡ᠂ ᠪᠦᠬᠡ ᠵᠣᠳᠣᠬᠯᠠᠬᠤ᠂ ᠪᠦᠬᠡ ᠲᠠᠭᠤᠳᠠᠬᠤ᠂ ᠪᠦᠬᠡ ᠶᠢᠨ ᠨᠤᠭᠤᠯᠤᠭ᠎ᠠ ᠲᠠᠭᠠᠷᠠᠭᠤᠯᠣᠨ ᠪᠠᠷᠢᠯᠳᠣᠭᠤᠯᠬᠤ᠂ |
ᠪᠦᠬᠡ ᠴᠣᠯᠠᠯᠠᠬᠤ᠂ ᠪᠣᠰᠣᠳ ᠵᠦᠢᠯ ᠤᠨ ᠱᠠᠩᠨᠠᠯ ᠣᠯᠭᠤᠬᠤ᠂ ᠲᠡᠬᠡᠳᠣ ᠲᠦᠷᠪᠠᠨ ᠪᠦᠬᠡ ᠪᠠᠨ ᠪᠠᠷᠢᠯᠳᠣᠭᠤᠯᠬᠤ᠂ |
ᠪᠦᠬᠡ ᠶᠢᠨ ᠱᠠᠩᠨᠠᠯ ᠣᠯᠭᠤᠨ ᠨᠠᠶᠢᠷ ᠦᠡᠳᠣᠷᠯᠡᠬᠦ ᠬᠡᠬᠦ ᠮᠡᠳᠣ ᠶᠢᠨ ᠠᠭᠤᠯᠭ᠎ᠠ ᠪᠠᠶᠢᠳᠠᠭ᠃ ᠡᠬᠦᠨ ᠤ ᠲᠣᠳᠣᠷ᠎ᠠ |
ᠪᠦᠬᠡ ᠲᠡᠪᠢᠬᠦ ᠪᠣᠯ ᠪᠦᠬᠡ ᠪᠠᠷᠢᠯᠳᠣᠬᠤ ᠲᠠᠯᠠᠪᠣᠷ ᠤᠨ ᠦᠵᠡᠮᠣᠷᠢ ᠲᠠᠢ ᠰᠠᠶᠢᠬᠠᠨ ᠨᠢᠬᠡ ᠵᠦᠢᠯ ᠨᠢ ᠪᠣᠯᠣᠨ᠎ᠠ᠃ ᠨᠠᠷᠠ |
ᠲᠠᠭᠤᠳᠠᠭᠤᠯᠤᠭᠰᠠᠨ ᠲᠦᠷᠪᠡᠨ ᠪᠦᠭᠡ ᠦᠪᠡᠷ ᠦᠪᠡᠷ ᠤᠨ ᠰᠣᠷᠣᠬᠰᠠᠨ ᠲᠡᠪᠢᠯᠳᠠ ᠪᠠᠷ ᠢᠶᠠᠨ ᠲᠠᠯᠠᠪᠣᠷ ᠲᠤ ᠲᠡᠪᠢᠨ |
ᠭᠠᠷᠬᠤ ᠳᠤ ᠬᠦᠯ ᠳᠤ ᠪᠠᠨ ᠵᠢᠬᠢᠷᠢᠭᠯᠡᠭᠰᠡᠨ ᠲᠣᠯᠢᠶ᠎ᠠ ᠨᠢ ᠨᠠᠷᠠᠨ ᠳᠤ ᠰᠣᠯᠣᠩᠭᠠᠷᠠᠨ ᠨᠠᠢᠮᠠᠨ ᠬᠦᠴᠣᠳᠠᠨ ᠨᠢ ᠨᠠᠷᠠᠨ ᠤ |
ᠵᠦᠭ ᠠᠴᠠ ᠬᠠᠯᠢᠨ ᠭᠠᠷᠬᠤ ᠬᠠᠨ ᠭᠠᠷᠣᠳᠢ ᠶᠢᠨ ᠲᠡᠪᠢᠯᠬᠡ ᠪᠠᠷ ᠲᠣᠬᠯᠠᠬᠤ ᠰᠢᠭ᠋ ᠬᠠᠷᠠᠬᠳᠠᠨ᠎ᠠ᠃ ᠡᠷᠳᠡᠨ ᠠᠴᠠ |
ᠠᠪᠣᠭᠠᠳ ᠮᠣᠩᠭᠤᠯᠴᠣᠳ ᠤᠨ ᠪᠦᠬᠡ ᠪᠠᠷᠢᠯᠳᠣᠬᠤ ᠲᠡᠪᠢᠯᠳᠡ ᠶᠢᠨ ᠶᠣᠰᠣ ᠵᠢᠷᠣᠮ ᠮᠠᠰᠢ ᠨᠠᠷᠢᠨ᠂ ᠭᠠᠵᠠᠷ |
ᠨᠣᠳᠤᠭ ᠨᠢ ᠣᠡᠴᠡᠯᠢᠭ᠋ ᠲᠠᠢ ᠪᠠᠶᠢᠬᠰᠠᠨ ᠶᠣᠮ᠃ ᠲᠣᠬᠠᠶᠢᠯᠠᠪᠠᠯ ᠬᠠᠨ ᠭᠠᠷᠣᠳᠢ ᠶᠢᠨ ᠲᠡᠪᠢᠯᠳᠡ ᠨᠢ ᠣᠯᠣᠰ ᠲᠠᠶᠠᠭᠠᠷ |
ᠠᠯᠳᠠᠷᠰᠢᠬᠰᠡᠨ ᠲᠠᠶᠠᠩ ᠠᠪᠣᠷᠭᠤ᠂ ᠲᠠᠷᠬᠠᠨ ᠠᠪᠣᠷᠭᠤ᠂ ᠠᠪᠣᠷᠭᠤᠴᠣᠳ ᠤᠨ ᠲᠡᠪᠢᠯᠳᠡ ᠪᠠᠶᠢᠵᠡᠢ᠃ ᠲᠡᠪᠢᠵᠣ |
ᠮᠠᠬᠰᠢᠬᠤ ᠨᠢ ᠴᠤ ᠪᠦᠬᠡᠴᠢᠳ ᠰᠦᠷ ᠵᠢᠪᠬᠤᠭ᠎ᠠ᠂ ᠬᠦᠴᠣᠨ ᠴᠢᠳᠠᠯ ᠢᠶᠠᠨ ᠭᠠᠶᠢᠬᠠᠭᠤᠯᠣᠨ ᠣᠴᠠᠷᠠᠬᠰᠠᠨ ᠢᠶᠠᠨ |
ᠰᠦᠷᠳᠡᠬᠦᠯᠬᠦ ᠶᠢᠨ ᠬᠠᠮᠳᠣ ᠪᠡᠶ᠎ᠡ ᠶᠢᠨ ᠴᠢᠯᠡᠭᠡ ᠪᠠᠨ ᠭᠠᠷᠭᠠᠵᠣ᠂ ᠪᠡᠶ᠎ᠡ ᠪᠠᠨ ᠬᠠᠯᠠᠭᠠᠵᠣ᠂ ᠪᠦᠬᠡ ᠦᠪᠡᠷ ᠤᠨ |
ᠣᠡᠴᠡᠯᠢᠭ᠋ ᠲᠠᠢ ᠲᠡᠪᠢᠯᠳᠠ ᠪᠠᠷ ᠢᠶᠠᠨ ᠲᠡᠪᠢᠨ ᠭᠠᠷᠴᠣ᠂ ᠨᠠᠷᠠ ᠵᠦᠪ ᠲᠠᠯᠠᠪᠣᠷ ᠲᠤ ᠲᠡᠪᠢᠨ ᠡᠷᠬᠢᠵᠤ ᠡᠰᠡᠷᠬᠦ |
ᠡᠳᠡᠬᠡᠳ ᠢᠶᠠᠨ ᠣᠬᠳᠣᠨ ᠪᠠᠷᠢᠯᠳᠣᠵᠣ ᠡᠬᠢᠯᠡᠳᠡᠭ ᠪᠢᠯᠠ᠃ |
ᠲᠡᠪᠢᠯᠳᠡ ᠵᠢᠴᠢ ᠮᠠᠬᠰᠢᠯᠳᠠ ᠨᠢ ᠠᠳᠠᠯᠢ ᠦᠬᠡᠢ ᠬᠤᠶᠠᠷ ᠠᠭᠤᠯᠭ᠎ᠠ ᠪᠢᠯᠠ᠃ |
ᠲᠡᠪᠢᠯᠳᠡ ᠬᠡᠳᠡᠭ ᠦᠬᠡ ᠨᠢ ᠲᠡᠪᠢᠨ ᠨᠢᠰᠬᠦ᠂ ᠬᠠᠯᠢᠨ ᠲᠡᠬᠦᠯᠢᠬᠦ᠂ ᠭᠠᠵᠠᠷ ᠠᠴᠠ ᠲᠡᠬᠡᠭᠰᠢ ᠬᠦᠬᠡᠷᠦᠨ ᠭᠠᠷᠬᠤ᠂ |
ᠪᠦᠬᠡ ᠬᠦᠮᠣᠨ ᠭᠠᠷ ᠢᠶᠠᠨ ᠪᠦᠷᠬᠦᠳ ᠤᠨ ᠵᠢᠬᠦᠷ ᠮᠡᠳᠣ ᠬᠦᠳᠡᠯᠬᠡᠨ ᠬᠤᠶᠠᠷ ᠬᠦᠯ ᠨᠢ ᠵᠡᠷᠬᠡᠪᠡᠷ ᠭᠠᠵᠠᠷ ᠠᠴᠠ |
ᠰᠠᠯᠬᠤ ᠬᠡᠰᠡᠨ ᠣᠳᠬ᠎ᠠ ᠲᠠᠢ᠂ ᠵᠢᠬᠦᠷᠳᠡᠨ ᠰᠢᠪᠠᠭᠤᠤᠨ ᠰᠠᠶ᠋ᠢ ᠭᠠᠵᠠᠷ ᠠᠴᠠ ᠲᠡᠪᠢᠨ ᠨᠢᠰᠣᠨᠡ᠃ ᠡᠶᠢᠮᠣ ᠠᠴᠠ |
ᠬᠦᠯᠣᠨ ᠪᠤᠶᠢᠷ ᠤᠨ ᠪᠦᠬᠡ ᠶᠢ ᠬᠠᠨᠳᠠᠭᠠᠢ ᠪᠣᠭᠤ ᠶᠢᠨ ᠲᠡᠪᠢᠯᠳᠡ ᠲᠠᠢ ᠬᠡᠳᠡᠭ ᠨᠢ ᠣᠳᠬ᠎ᠠ ᠶᠢᠨ ᠲᠠᠯ᠎ᠠ ᠠᠴᠠ |
ᠠᠯᠳᠠᠭ᠎ᠠ ᠲᠠᠢ ᠶᠠᠷᠢᠵᠣ ᠪᠠᠶᠢᠨ᠎ᠠ ︵ᠵᠠᠷᠢᠮ ᠭᠠᠵᠠᠷ ᠤᠨ ᠡᠷᠳᠡᠮᠳᠡᠳ ᠠᠴᠠ︶᠃ |
ᠮᠠᠬᠰᠢᠯᠳᠠ ᠬᠡᠳᠡᠭ ᠦᠬᠡ ᠨᠢ ᠡᠮᠨᠢᠭ ᠲᠣᠬᠰᠢᠨ ᠠᠮᠢᠳᠠᠨ ᠰᠣᠴᠢᠮᠠᠭ ᠬᠦᠳᠡᠯᠬᠡᠬᠡᠨ ᠬᠢᠵᠣ ᠡᠮᠣᠨᠡᠰᠢ ᠪᠣᠯᠭᠢᠨ |
ᠬᠦᠶᠣᠬᠦ᠂ ᠵᠢᠱᠢᠶᠠᠯᠠᠪᠠᠯ᠂ ᠠᠷᠰᠯᠠᠨ ᠪᠠᠷᠰ ᠤᠨ ᠮᠠᠬᠰᠢᠯᠳᠠ ᠲᠠᠢ ᠬᠦᠯ ᠨᠢ ᠭᠠᠵᠠᠷ ᠠᠴᠠ ᠰᠠᠯᠬᠤ ᠦᠬᠡᠢ ᠡᠮᠣᠨᠡᠰᠢ |
ᠮᠠᠬᠰᠢᠬᠤ ᠬᠦᠳᠡᠯᠬᠡᠬᠡᠨ ᠬᠢᠬᠦ ᠶᠢ ᠬᠡᠯᠡᠨ᠎ᠡ᠃ |
ᠬᠦᠯᠳ ᠪᠤᠶᠢᠷ ᠤᠨ ᠲᠣᠯᠢᠶᠠᠳᠣ ᠪᠦᠬᠡ ᠶᠢᠨ ᠪᠠᠷᠢᠯᠳᠣᠭᠠᠨ ᠤ ᠲᠡᠰ ᠲᠠᠷᠠᠭᠠᠯᠠᠯ |
ᠨᠢᠬᠡ᠂ ᠬᠢᠨᠠᠬᠴᠢ ᠶᠢᠨ ᠠᠵᠢᠯ |
ᠨᠠᠭᠠᠳᠣᠮ ᠤᠨ ᠵᠣᠬᠢᠶᠠᠨ ᠪᠠᠶᠢᠭᠤᠯᠬᠤ ᠵᠦᠪᠯᠠᠯ ᠠᠴᠠ ᠪᠦᠬᠡ ᠶᠢᠨ ᠲᠠᠯ᠎ᠠ ᠶᠢᠨ ᠠᠵᠢᠯ ᠤᠨ ᠲᠣᠰᠬᠠᠢ ᠬᠢᠨᠠᠬᠴᠢ |
︵ᠵᠠᠰᠠᠭᠤᠯ︶ ᠨᠠᠷ ᠢ ᠭᠠᠷᠭᠠᠨ ᠪᠦᠬᠡ ᠶᠢᠨ ᠶᠡᠷᠣᠩᠬᠡᠢ ᠬᠢᠨᠠᠬᠴᠢ ᠶᠢ ᠨᠡᠷ᠎ᠡ ᠲᠣᠷᠠᠳᠣᠨ ᠲᠣᠬᠳᠠᠭᠠᠵᠣ᠂ ᠲᠣᠰ |
ᠶᠡᠷᠣᠩᠬᠡᠢ ᠬᠢᠨᠡᠬᠴᠢ ᠨᠢ ᠠᠵᠢᠯ ᠢᠶᠠᠨ ︵ᠶᠡᠷᠣᠩᠬᠡᠢ ᠬᠢᠨᠡᠬᠴᠢ ᠨᠢ ᠲᠡᠳ᠋ ᠬᠢᠨᠠᠬᠴᠢ ᠪᠠ ᠬᠠᠪᠰᠣᠷᠣᠬᠴᠢ ᠬᠢᠨᠠᠬᠴᠢ |
ᠨᠠᠷ ᠢᠶᠠᠨ ᠲᠣᠬᠳᠠᠭᠠᠨ᠂ ᠪᠠᠷᠢᠯᠳᠣᠭᠠᠨ ᠢᠶᠠᠨ ᠬᠡᠷᠬᠢᠨ ᠶᠠᠪᠣᠬᠳᠠᠭᠤᠯᠬᠤ ᠠᠵᠢᠯ ᠤᠨ ᠲᠣᠬᠠᠢ ᠲᠦᠷᠢᠮ ᠢᠶᠠᠨ |
ᠵᠦᠪᠳᠡᠯᠴᠡᠨ ᠲᠣᠬᠳᠠᠭᠠᠨ᠎ᠠ︶ ᠪᠠᠶᠢᠷᠢᠯᠠᠭᠤᠯᠣᠨ᠎ᠠ᠃ ᠪᠦᠬᠡᠴᠣᠳ ᠨᠡᠷ᠎ᠡ ᠪᠠᠨ ᠮᠡᠳᠡᠬᠦᠯᠣᠨᠠ᠃ |
ᠬᠤᠶᠠᠷ᠂ ᠨᠣᠭᠤᠯᠤᠭ᠎ᠠ |
ᠬᠢᠨᠠᠬᠴᠢ ︵ᠵᠠᠰᠠᠭᠤᠯ︶ ᠨᠠᠷ ᠲᠣᠰ ᠣᠳᠠᠭ᠎ᠠ ᠶᠢᠨ ᠨᠠᠭᠠᠳᠣᠮ ᠤᠨ ᠲᠦᠷᠢᠮ ᠢᠶᠠᠷ ᠪᠦᠬᠡ ᠶᠢᠨ ᠨᠤᠭᠤᠯᠤᠭ᠎ᠠ ᠶᠢ |
ᠲᠠᠭᠠᠷᠠᠭᠤᠯᠳ ᠵᠡᠬᠦᠨ ᠪᠠ ᠪᠠᠷᠠᠭᠤᠨ ᠬᠤᠶᠠᠷ ᠭᠠᠷ ᠲᠠᠯ᠎ᠠ ᠳᠤ ᠦᠵᠣᠬᠦᠷ ᠵᠣᠬᠰᠣᠬᠤ ᠪᠦᠬᠡ ︵ᠦᠵᠣᠬᠦᠷ ᠲᠠᠭᠠᠬᠤ |
ᠪᠦᠬᠡ ᠬᠡᠳᠡᠭ᠂ ᠣᠳᠣ ᠰᠣᠭᠤᠯᠤᠭ᠎ᠠ ᠲᠠᠳᠠᠬᠤ ᠠᠷᠭ᠎ᠠ ᠴᠦ ᠪᠠᠶᠢᠨ᠎ᠠ︶ ᠪᠠ ᠮᠦᠡᠴᠣ ᠨᠠᠭᠠᠳᠣᠮ ᠤᠨ ᠶᠡᠭᠡ |
ᠪᠠᠭ᠎ᠠ ᠶᠢᠨ ᠬᠡᠪᠴᠢᠶᠠᠨ ᠤ ᠠᠳᠠᠯᠢ ᠦᠬᠡᠢ ᠶᠢᠨ ᠰᠢᠯᠳᠠᠭᠠᠨ ᠢᠶᠠᠷ ᠬᠤᠶᠠᠷ ᠲᠠᠯ᠎ᠠ ᠶᠢᠨ ᠲᠡᠬᠡᠷ᠎ᠡ ᠵᠣᠬᠰᠣᠬᠤ ᠲᠦᠷᠪᠠ᠂ |
ᠨᠠᠢᠮᠨ᠂ ᠠᠷᠪᠠᠨ ᠵᠢᠷᠭᠤᠭᠠᠨ ᠨᠡᠷᠡᠳᠣ ᠪᠦᠬᠡ ᠶᠢ ᠵᠢᠬᠰᠠᠭᠠᠨ ᠲᠡᠬᠦᠨ ᠠᠴᠠ ᠲᠠᠷᠠᠭᠠᠬᠢ ᠪᠦᠬᠡᠴᠢᠳ ᠢ ᠢᠷᠡᠭᠰᠠᠨ ᠤ |
ᠲᠠᠷᠠᠭᠠᠯᠠᠯ ᠢᠶᠠᠷ ᠵᠢᠬᠰᠠᠭᠠᠨᠠ᠃ ᠨᠤᠭᠤᠯᠤᠭ᠎ᠠ ᠨᠢ᠄ 4᠂ 8᠂ 16᠂ 32᠂ 64᠂ 128᠂ 256᠂ 512᠂ |
1024 ᠵᠡᠷᠬᠡ ᠶᠢᠨ ᠪᠦᠬᠡ ᠪᠠᠷᠢᠯᠳᠣᠨ᠎ᠠ᠃ ᠨᠤᠭᠤᠯᠤᠭ᠎ᠠ ᠪᠠᠷᠢᠯᠳᠣᠭᠠᠨ ᠳᠤ ᠢᠳᠡᠰᠢᠨ ᠪᠦᠬᠡ ᠲᠣᠳᠠᠭᠤ ᠪᠣᠯ |
ᠲᠡᠬᠡᠷ᠎ᠡ ᠲᠠᠯ᠎ᠠ ᠶᠢᠨ ᠪᠦᠬᠡ ᠨᠢ ᠬᠡᠢ ᠲᠡᠪᠢᠵᠣ ᠪᠣᠯᠣᠨ᠎ᠠ᠃ |
ᠭᠤᠷᠪᠠ᠂ ᠪᠦᠬᠡ ᠭᠠᠷᠬᠤ ᠪᠡᠯᠡᠳᠬᠡᠯ |
ᠪᠦᠬᠡ ᠭᠠᠷᠬᠤ ᠠᠴᠠ ᠡᠮᠣᠨ᠎ᠠ ᠡᠮᠣᠰᠬᠡᠯ ᠬᠡᠷᠡᠭᠰᠡᠯ ᠢᠶᠠᠨ ᠪᠦᠷᠢᠨ ᠪᠣᠯᠭᠠᠨ᠎ᠠ᠂ ᠡᠬᠦᠨ ᠳᠤ ᠲᠣᠯᠢᠶ᠎ᠠ᠂ ᠵᠢᠭᠢᠷᠢᠭ᠂ |
ᠵᠣᠳᠤᠭ ᠵᠡᠷᠬᠡ ᠪᠠᠨ ᠪᠦᠷᠢᠨ ᠪᠣᠯᠭᠠᠨ ᠪᠦᠬᠡ ᠭᠠᠷᠬᠤ ᠪᠠᠶᠢᠷᠢᠨ ᠳᠠᠭᠠᠨ ᠲᠡᠰ ᠲᠠᠷᠠᠭ᠎ᠠ ᠲᠠᠢ ᠪᠡᠯᠡᠳᠬᠡᠨ ᠬᠦᠯᠢᠶᠠᠨ᠎ᠠ᠃ |
ᠪᠦᠬᠡ ᠭᠠᠷᠬᠤ ᠳᠠᠭᠠᠨ ᠵᠢᠱᠢᠶᠠᠯᠠᠪᠠᠯ᠂ ᠵᠡᠬᠦᠨ ᠲᠠᠯ᠎ᠠ ᠶᠢᠨ ᠲᠡᠬᠡᠳᠣ ᠲᠦᠷᠪᠠᠨ ᠪᠦᠬᠡ ᠭᠠᠷᠬᠤ ᠳᠤ ᠪᠦᠬᠡ ᠪᠦᠷᠢ ᠶᠢᠨ |
ᠬᠤᠶᠠᠷ ᠲᠠᠯ᠎ᠠ ᠳᠤ ᠪᠦᠬᠡ ᠶᠢᠨ ᠵᠠᠰᠠᠭᠤᠯ ᠵᠣᠬᠰᠣᠨ᠂ ᠪᠦᠬᠡ ᠨᠢ ᠬᠤᠶᠠᠷ ᠵᠠᠰᠠᠭᠤᠯ ᠤᠨ ᠲᠣᠮᠳᠠ ᠵᠣᠬᠰᠣᠨ ᠮᠦᠷᠦᠨ |
ᠲᠡᠬᠡᠷ᠎ᠡ ᠨᠢ ᠬᠤᠶᠠᠷ ᠭᠠᠷ ᠢᠶᠠᠨ ᠲᠠᠯᠪᠢᠨ ᠭᠤᠷᠪᠠ ᠣᠳᠠᠭ᠎ᠠ ᠭᠠᠵᠠᠷ ᠬᠦᠴᠣᠳᠠᠢ ᠦᠰᠣᠷᠣᠨ ᠲᠡᠪᠢᠰᠣᠬᠡᠳ ᠲᠡᠪᠢᠨ |
ᠭᠠᠷᠣᠨ᠎ᠠ ︵ᠡᠬᠢᠯᠠᠨ ᠬᠦᠶᠣᠬᠦ ᠦᠬᠡᠢ᠂ ᠰᠢᠭᠤᠳ ᠲᠡᠪᠢᠨ ᠭᠠᠷᠣᠨ᠎ᠠ︶᠃ ᠵᠣᠬᠢᠬᠤ ᠪᠠᠶᠢᠷᠢ ᠲᠠᠢ ᠲᠡᠪᠢᠨ ᠨᠠᠷᠠ |
ᠵᠦᠪ ᠡᠷᠬᠢᠨ ᠨᠡᠷ᠎ᠡ ᠶᠢᠨ ᠲᠡᠰ ᠲᠠᠷᠠᠭᠠᠯᠠᠯ ᠢᠶᠠᠷ ᠪᠠᠶᠢᠷᠢ ᠳᠠᠭᠠᠨ ᠵᠣᠬᠰᠣᠨ ᠣᠬᠳᠣᠭᠤᠯ ᠪᠦᠬᠡ ᠪᠠᠨ ᠬᠦᠯᠢᠶᠠᠨ᠎ᠠ᠃ |
ᠲᠡᠬᠡᠳᠣ ᠲᠠᠯ᠎ᠠ ᠶᠢᠨ ᠪᠦᠬᠡ᠂ ᠲᠣᠣᠷᠠᠳᠣ ᠲᠠᠯ᠎ᠠ ᠶᠢᠨ ᠪᠦᠬᠡ ᠲᠠᠢ ᠵᠦᠷᠢᠯᠳᠣᠨ ᠣᠨᠤᠭ᠎ᠠ ᠲᠠᠭᠠᠷᠠᠵᠣ ᠪᠠᠷᠢᠯᠳᠣᠬᠤ |
ᠠᠷᠭ᠎ᠠ ᠪᠠᠷ ᠪᠠᠷᠢᠯᠳᠣᠨ᠎ᠠ᠃ ᠪᠦᠬᠡ ᠲᠡᠪᠢᠨ ᠭᠠᠷᠬᠤ ᠳᠤ ᠪᠦᠬᠡ ᠶᠢᠨ ᠪᠠᠭᠰᠢ ᠪᠣᠶᠣ ᠨᠣᠳᠤᠭ ᠣᠰᠣᠨ ᠤ ᠠᠬᠠᠮᠠᠳ |
ᠪᠦᠬᠡ᠂ ᠰᠠᠶᠢᠨ ᠨᠠᠶᠢᠵᠨ ᠨᠦᠬᠦᠳ ᠨᠢ ᠲᠠᠭᠠᠷᠠᠨ ᠪᠠᠷᠢᠯᠳᠣᠬᠤ ᠪᠦᠬᠡ ᠶᠢᠨ ᠠᠯᠢ ᠲᠠᠯ᠎ᠠ ᠲᠠᠢ᠂ ᠶᠠᠮᠠᠷ ᠮᠡᠭᠡ᠂ |
ᠪᠠᠷᠢᠴᠠ ᠲᠠᠢ ᠶᠢ ᠨᠢ ᠠᠩᠬᠠᠷᠣᠭᠤᠯᠵᠤ᠂ ᠶᠠᠭᠠᠬᠢᠪᠠᠯ ᠬᠠᠶᠠᠬᠤ ᠲᠣᠬᠠᠢ ᠁ ᠰᠠᠨᠠᠭᠤᠯᠳ ᠪᠦᠬᠡ ᠪᠠᠨ ᠲᠠᠪᠢᠬᠦᠯᠣᠨ |
ᠭᠠᠷᠭᠠᠨ᠎ᠠ᠂ ᠣᠨᠴᠠᠭᠠᠶᠢᠯᠠᠨ ᠵᠠᠯᠠᠭᠤ ᠪᠦᠬᠡᠴᠢᠳ ᠲᠤ ᠡᠨᠡ ᠮᠡᠳᠣ ᠠᠩᠬᠠᠷᠣᠭᠤᠯᠣᠨᠠ᠃ |
ᠪᠦᠬᠡ ᠭᠠᠷᠬᠤ᠄ ᠵᠢᠱᠢᠶᠠᠯᠠᠪᠠᠯ ᠵᠡᠬᠦᠨ ᠲᠠᠯ᠎ᠠ ᠶᠢᠨ ᠲᠡᠬᠡᠷ᠎ᠡ ᠲᠦᠷᠪᠡᠨ ᠪᠦᠬᠡ ᠭᠠᠷᠣᠨ᠎ᠠ᠂ ᠪᠠᠷᠠᠭᠤᠨ ᠲᠠᠯ᠎ᠠ ᠶᠢᠨ |
ᠲᠣᠣᠷ᠎ᠠ ᠲᠠᠯ᠎ᠠ ᠠᠴᠠ ᠲᠦᠷᠪᠠᠨ ᠪᠦᠬᠡ ᠭᠠᠷᠣᠨ᠎ᠠ᠂ ᠢᠳᠡᠰᠢᠨ ᠪᠦᠬᠡ ᠲᠣᠳᠠᠭᠤ ᠪᠠᠶᠢᠬᠰᠠᠨ ᠴᠦ ᠲᠡᠬᠡᠷ᠎ᠡ ᠲᠠᠯ᠎ᠠ ᠶᠢᠨ |
ᠪᠦᠬᠡᠴᠣᠳ ᠲᠡᠪᠢᠨ ᠭᠠᠷᠴᠣ᠂ ᠲᠠᠬᠢᠨ ᠬᠡᠢ ᠲᠡᠪᠢᠵᠣ ᠪᠠᠶᠢᠷᠢ ᠳᠠᠭᠠᠨ ᠪᠣᠴᠠᠨ ᠲᠡᠪᠠᠭᠰᠠᠨ ᠪᠠ ᠬᠡᠢ ᠲᠠᠪᠢᠭ᠍ᠰᠡᠨ ᠢᠶᠠᠨ |
ᠦᠵᠡᠭᠴᠢᠳ ᠲᠤ ᠮᠡᠳᠡᠭᠳᠡᠨ᠎ᠠ᠃ |
ᠲᠦᠷᠪᠠ᠂ ᠪᠦᠬᠡ ᠵᠣᠳᠣᠬᠯᠠᠬᠤ |
ᠪᠦᠬᠡ ᠵᠣᠳᠣᠬᠯᠠᠬᠤ ᠨᠢ ᠪᠦᠬᠡ ᠭᠠᠷᠴᠣ ᠪᠠᠷᠢᠯᠳᠣᠬᠤ ᠶᠢᠨ ᠭᠤᠣᠯ ᠨᠢᠬᠡ ᠵᠦᠢᠯ ᠪᠣᠯᠣᠨ᠎ᠠ᠃ ᠪᠦᠬᠡ |
ᠵᠣᠳᠣᠬᠯᠠᠬᠤ ᠨᠢ ᠪᠦᠬᠡ ᠭᠠᠷᠴᠣ ᠪᠠᠷᠢᠯᠳᠣᠬᠤ ᠶᠢᠨ ᠡᠮᠣᠨᠡᠬᠢ ᠭᠤᠣᠯ ᠠᠵᠢᠯ ᠤᠨ ᠨᠢᠭᠡ ᠪᠣᠯᠣᠨ᠎ᠠ᠃ ᠪᠦᠬᠡ |
ᠵᠣᠳᠣᠬᠯᠠᠬᠤ ᠬᠦᠳᠡᠯᠬᠡᠬᠡᠨ ᠨᠢ ᠠᠯᠢ ᠲᠠᠯ᠎ᠠ ᠲᠠᠢ᠂ ᠪᠡᠶ᠎ᠡ ᠶᠢᠨ ᠪᠠᠶᠢᠳᠠᠯ ᠶᠠᠮᠠᠷ᠂ ᠰᠦᠷ ᠵᠢᠪᠬᠤᠭ᠎ᠠ᠂ ᠠᠯᠢ |
ᠭᠠᠵᠠᠷ ᠤᠨ ᠬᠡᠨ ᠬᠡᠳᠡᠭ᠂ ᠶᠠᠮᠠᠷ ᠴᠣᠯᠠ ᠲᠠᠢ ᠪᠦᠭᠡ ᠵᠡᠷᠬᠡ ᠨᠢ ᠣᠬᠳᠣᠨ ᠪᠠᠷᠢᠯᠳᠣᠬᠤ ᠪᠦᠬᠡ ᠨᠡᠩ ᠴᠦ ᠦᠷᠬᠡᠨ |
ᠣᠯᠠᠨ ᠨᠠᠭᠠᠳᠣᠮᠴᠢᠨ ᠦᠵᠡᠭᠴᠢᠳ ᠲᠤ ᠦᠭᠬᠦ ᠠᠩᠬ᠎ᠠ ᠠᠯᠬᠤᠮ ᠤᠨ ᠦᠵᠡᠮᠣᠷᠢ ᠲᠠᠢ ᠰᠠᠶᠢᠬᠠᠨ ᠭᠤᠸ᠎ᠠ |
ᠰᠠᠶᠢᠬᠠᠨ ᠤ ᠬᠦᠷᠳᠡᠬᠡᠯ ᠪᠤᠯᠵᠦ᠂ ᠡᠨᠡ ᠨᠠᠭᠠᠳᠣᠮ ᠤᠨ ᠠᠩᠬᠠᠷᠣᠯ ᠤᠨ ᠲᠦᠪ ᠪᠣᠯᠳᠠᠭ᠃ ᠲᠡᠬᠡᠪᠡᠯ ᠵᠣᠳᠣᠬᠯᠠᠵᠣ |
ᠪᠠᠷᠢᠯᠳᠣᠬᠤ ᠪᠦᠬᠡ ᠨᠢ ᠣᠷᠣᠨ ᠠᠴᠠ ᠪᠠᠨ ᠡᠮᠣᠨᠡᠰᠢ ᠠᠯᠬᠤᠨ ᠢᠯᠡ ᠭᠠᠷᠴᠣ ᠵᠣᠳᠣᠬᠯᠠᠬᠤ ᠶᠢᠨ ᠡᠮᠣᠨ᠎ᠠ |
ᠵᠣᠳᠤᠭ ᠢᠶᠠᠨ ᠲᠡᠯᠬᠡᠨ ᠵᠣᠳᠤᠭ ᠤᠨ ᠲᠣᠳᠣᠷ᠎ᠠ ᠲᠠᠯ᠎ᠠ ᠶᠢ ᠭᠠᠳᠠᠬᠰᠢ ᠬᠠᠨᠳᠣᠭᠤᠯᠣᠨ ᠬᠤᠶᠠᠷ ᠭᠠᠷ ᠲᠠᠭᠠᠨ ᠪᠠᠷᠢᠵᠤ᠂ |
ᠬᠤᠶᠠᠷ ᠬᠦᠯ ᠤᠨ ᠰᠢᠯᠪᠢ ᠳᠠᠭᠡᠷ᠎ᠡ ᠡᠬᠡᠯᠵᠢᠯᠠᠨ ᠬᠦᠴᠣᠳᠠᠢ ᠬᠦᠪᠢᠵᠣ ᠰᠢᠪᠬᠠᠷᠳᠠᠵᠣ ᠵᠣᠳᠤᠭ ᠢᠶᠠᠨ ᠡᠮᠣᠰᠣᠨ᠎ᠠ |
︵ᠡᠨᠡ ᠦᠶᠡᠰ ᠲᠤ ᠠᠯᠢ ᠲᠠᠯ᠎ᠠ ᠲᠠᠢ ᠪᠦᠬᠡ ᠶᠢ ᠮᠡᠳᠡᠬᠦ ᠣᠴᠢᠷ ᠲᠠᠢ᠂ ᠪᠦᠬᠡ ᠬᠦ᠋ᠮᠦᠨ ᠶᠡᠷᠦ ᠳᠡᠭᠡᠨ ᠲᠠᠳᠮᠠᠭᠠᠢ |
ᠲᠠᠯ᠎ᠠ ᠠᠴᠠ ᠡᠬᠢᠯᠠᠨ ᠬᠦᠳᠡᠯᠬᠡᠬᠡᠨ ᠬᠢᠨ᠎ᠠ︶᠃ ᠵᠣᠳᠤᠭ ᠤᠨ ᠪᠦᠰᠠ ᠪᠠᠨ ᠰᠣᠯᠠ ᠰᠢᠭ᠋ ᠪᠦᠰᠡᠯᠡᠨᠠ᠂ ᠪᠦᠰᠠᠨ ᠳᠤ |
ᠲᠦᠷᠪᠡᠨ ᠬᠤᠷᠣᠭᠤ ᠣᠷᠣᠬᠤ ᠵᠠᠢ ᠲᠠᠢ᠃ ᠵᠣᠳᠤᠭ ᠤᠨ ᠪᠦᠰᠠ ᠶᠢ ᠬᠠᠳᠠᠭ ᠪᠣᠶᠣ ᠰᠠᠶᠢᠨ ᠴᠢᠨᠠᠷ ᠤᠨ ᠪᠦᠰ |
ᠲᠣᠷᠭ᠎ᠠ᠂ ᠰᠣᠷ᠂ ᠣᠯᠣᠰᠣᠨ ᠲᠡᠬᠡᠰᠣ ᠪᠠᠷ ᠬᠢᠬᠦ ᠴᠤ ᠪᠠᠶᠢᠳᠠᠭ᠃ |
ᠲᠠᠪᠤ᠂ ᠪᠦᠬᠡ ᠲᠠᠭᠤᠳᠠᠬᠤ |
ᠨᠣᠭᠤᠯᠤᠭ᠎ᠠ ᠪᠠᠷᠢᠯᠳᠣᠭᠠᠨ ᠡᠬᠢᠯᠡᠨ ᠪᠦᠬᠡᠴᠢᠳ ᠲᠠᠯᠠᠪᠣᠷ ᠲᠤ ᠭᠠᠷᠴᠣ ᠪᠠᠷᠢᠯᠳᠣᠬᠤ ᠶᠢᠨ ᠵᠠᠷᠯᠢᠭ ᠪᠢᠯᠠ᠃ |
︽ᠪᠦᠬᠡ ᠪᠠᠨ ᠲᠠᠯᠪᠢ︕ ᠪᠦᠬᠡ ᠪᠠᠨ ᠲᠠᠯᠪᠢ︕ ᠪᠦᠬᠡ ᠪᠠᠨ ᠲᠠᠯᠪᠢ︕︾ ᠬᠡᠵᠣ ᠣᠷᠳᠣ ᠶᠢᠨ ᠰᠠᠶᠢᠬᠠᠨ |
ᠲᠠᠭᠤᠣ ᠠᠶᠠᠯᠠᠭᠤᠯᠣᠨ ᠲᠠᠭᠤᠯᠠᠨ᠎ᠠ᠂ ᠡᠨᠡ ᠦᠶᠠᠰ ᠪᠦᠬᠡ ᠭᠠᠷᠭᠠᠬᠤ ᠬᠤᠶᠠᠷ ᠵᠠᠰᠠᠭᠤᠯ ᠤᠨ ᠲᠣᠮᠳᠠ ᠠᠴᠠ |
ᠪᠦᠬᠡᠴᠢᠳ ᠲᠡᠪᠢᠨ ᠲᠡᠪᠢᠭᠰᠡᠬᠡᠷ ᠭᠠᠷᠴᠣ ᠢᠷᠡᠨ᠎ᠠ᠃ ᠮᠦᠡᠴᠣ ᠲᠣᠰ ᠨᠠᠭᠠᠳᠤᠮ ᠳᠤ ᠶᠠᠮᠠᠷ ᠭᠠᠵᠠᠷ ᠤᠨ ᠬᠡᠨ ᠬᠡᠳᠡᠭ |
ᠨᠡᠷᠡᠳᠣ ᠪᠦᠬᠡᠴᠢᠨ ᠬᠦᠷᠣᠯᠴᠠᠨ ᠢᠷᠠᠵᠣ ᠨᠠᠭᠠᠳᠣᠮ ᠢ ᠬᠦᠷ ᠬᠦᠭᠵᠢᠶᠡᠨ ᠲᠠᠢ ᠪᠣᠯᠭᠠᠯ᠎ᠠ ᠬᠡᠬᠦ ᠮᠡᠳᠣ ᠪᠠᠷ ᠨᠡᠷᠡᠳᠣ |
ᠪᠦᠬᠡᠴᠢᠳ ᠲᠣᠰ ᠨᠠᠭᠠᠳᠣᠮ ᠳᠤ ᠪᠠᠷᠢᠯᠳᠣᠵᠣ ᠪᠠᠶᠢᠬᠤ ᠶᠢ ᠦᠵᠡᠭᠴᠢ ᠲᠦᠮᠡᠨ ᠳᠡᠭᠡᠨ ᠪᠠᠶᠠᠷ ᠪᠣᠯᠭᠠᠨ ᠮᠡᠳᠡᠭᠳᠡᠨ᠎ᠠ᠃ |
ᠪᠦᠬᠡ ᠲᠠᠭᠤᠳᠠᠬᠤ ᠨᠢ ᠪᠦᠬᠡ ᠭᠠᠷᠴᠣ ᠪᠠᠷᠢᠯᠳᠣᠬᠤ ᠬᠢᠬᠡᠳ ᠪᠠᠷᠢᠯᠳᠣᠵᠣ ᠪᠠᠶᠢᠬᠤ ᠦᠶᠡᠰ ︽ᠪᠦᠬᠡ ᠪᠠᠨ ᠲᠠᠯᠪᠢ︕ |
ᠪᠦᠬᠡ ᠪᠠᠨ ᠲᠠᠯᠪᠢ︕ ᠪᠦᠬᠡ ᠪᠠᠨ ᠲᠠᠯᠪᠢ︕︾ ᠬᠡᠵᠣ ᠣᠷᠳᠣ ᠶᠢᠨ ᠳᠠᠭᠤᠤ ᠠᠶᠠᠯᠠᠭᠤᠯᠣᠨ ᠪᠦᠬᠡᠴᠢᠳ ᠤᠨ |
ᠬᠡᠶᠢᠮᠣᠷᠢ ᠵᠣᠷᠢᠭ ᠢ ᠰᠡᠷᠬᠦᠬᠡᠨ ᠲᠠᠭᠤᠯᠠᠭᠤᠯᠳᠠᠭ᠃ ᠡᠬᠦᠨ ᠳᠤ ᠶᠡᠭᠡ ᠨᠠᠭᠠᠳᠣᠮ ᠳᠤ ᠪᠣᠯ ᠷᠠᠳᠢᠣ᠋ ᠪᠠᠷ ᠲᠣᠰᠬᠠᠢ |
ᠲᠠᠭᠤᠴᠢᠨ ᠢ ᠣᠷᠢᠨ ᠲᠠᠭᠤᠯᠠᠭᠤᠯᠳᠠᠭ ᠪᠠᠶᠢᠯ᠎ᠠ᠃ ᠣᠪᠣᠭᠠᠨ ᠨᠠᠭᠠᠳᠣᠮ ᠵᠡᠷᠬᠡ ᠶᠢᠨ ᠪᠠᠭᠠᠪᠳᠣᠷ ᠨᠠᠭᠠᠳᠣᠮ ᠳᠤ |
ᠨᠣᠳᠤᠭ ᠤᠨ ᠲᠠᠭᠤᠴᠢᠨ ᠭᠤᠣᠯᠯᠠᠨ᠂ ᠰᠠᠶᠢᠨ ᠲᠣᠷ᠎ᠠ ᠶᠢᠨ ᠲᠠᠭᠤᠴᠢᠳ ᠲᠠᠭᠤᠯᠠᠳᠠᠭ᠃ ᠮᠦᠡᠴᠣ ᠪᠠᠷᠢᠯᠳᠣᠭᠠᠨ ᠤ |
ᠲᠣᠮᠳᠠ ᠰᠠᠶᠢᠬᠠᠨ ᠰᠠᠶᠢᠬᠠᠨ ᠣᠷᠳᠣ ᠶᠢᠨ ᠲᠠᠭᠤᠣ ᠨᠤᠭᠤᠳ ᠢ ᠲᠠᠭᠤᠯᠠᠳᠠᠭ᠃ ᠣᠡᠴᠠᠭᠠᠶᠢᠯᠠᠨ ᠲᠣᠷᠠᠳᠣᠪᠠᠯ |
ᠨᠣᠳᠤᠭ ᠤᠨ ᠪᠠᠷᠢᠯᠳᠣᠭᠠᠨ ᠦᠳᠡ ᠶᠢᠨ ᠬᠤᠶᠢᠨ᠎ᠠ ᠨᠠᠷᠠ ᠣᠷᠣᠬᠤ ᠦᠶ᠎ᠡ ᠪᠠᠷ ᠲᠡᠬᠡᠳᠣ ᠲᠦᠷᠪᠠ ᠪᠤᠶᠦ ᠨᠠᠢᠮᠠ ᠶᠢᠨ |
ᠪᠠᠷᠢᠯᠳᠣᠭᠠᠨ ᠪᠤᠯᠬᠤ ᠳᠤ ᠨᠣᠳᠤᠭ ᠤᠨ ᠠᠬᠠᠮᠠᠳ ᠲᠣᠮᠣᠭᠠᠳᠠᠳ ᠮᠢᠨᠢ ︽ᠪᠦᠬᠡ ᠲᠠᠭᠤᠳᠠᠬᠤ︾ ᠨᠢ ᠲᠣᠩ ᠣᠳᠬ᠎ᠠ |
ᠠᠭᠤᠯᠭ᠎ᠠ ᠲᠠᠢ᠂ ᠪᠠᠶᠠᠷ ᠬᠦᠷ ᠲᠠᠢ ᠰᠠᠨᠠᠭᠳᠠᠳᠠᠭ᠃ ᠲᠡᠷᠡ ᠬᠦ ᠣᠯᠠᠨ ᠰᠠᠶᠢᠬᠠᠨ ᠦᠵᠡᠭᠴᠢᠳ ᠬᠠᠮᠳᠣ ᠪᠠᠷ |
︽ᠪᠦᠬᠡ ᠪᠠᠨ ᠲᠠᠯᠪᠢ︾ ᠬᠡᠵᠣ ᠣᠯᠠᠨ ᠶᠠᠩᠵᠣ ᠶᠢᠨ ᠠᠶᠠᠯᠭᠤ ᠨᠠᠶᠢᠯᠡᠬᠦᠯᠣᠨ ᠲᠠᠭᠤᠯᠠᠬᠤ ᠨᠢ ᠨᠠᠰᠣᠨ ᠤ ᠮᠢᠨᠢ |
ᠦᠨᠢᠳᠠ ᠮᠠᠷᠳᠠᠵᠣ ᠴᠢᠳᠠᠬᠤ ᠦᠬᠡᠢ ᠰᠠᠶᠢᠬᠠᠨ ᠲᠣᠷᠠᠳᠬᠠᠯ ᠪᠤᠯᠳᠠᠭ ᠪᠢᠯᠠ᠃ ᠲᠡᠷᠡ ᠲᠠᠭᠤᠤ ᠳᠤ ᠬᠦᠴᠣ ᠬᠡᠶᠢᠮᠣᠷᠢ |
ᠮᠢᠨᠢ ᠪᠣᠰᠳᠠᠭ ᠪᠠᠶᠢᠯ᠎ᠠ᠃ |
ᠵᠢᠷᠭᠤᠭ᠎ᠠ᠂ ᠪᠦᠬᠡ ᠶᠢᠨ ᠨᠤᠭᠤᠯᠤᠭ᠎ᠠ ᠲᠠᠭᠠᠷᠠᠭᠤᠯᠣᠨ ᠪᠠᠷᠢᠯᠳᠣᠬᠤ ᠠᠷᠭ᠎ᠠ |
128 ᠪᠦᠬᠡ ᠶᠢᠨ ᠨᠤᠭᠤᠯᠤᠭ᠎ᠠ ᠪᠠᠷᠢᠯᠳᠣᠭᠠᠨ ᠪᠣᠯᠪᠠᠯ ᠡᠬᠢᠯᠡᠯᠳᠠ ᠶᠢᠨ ᠨᠣᠭᠤᠯᠤᠭ᠎ᠠ ᠳᠤ ᠵᠡᠬᠦᠨ ᠲᠠᠯ᠎ᠠ ᠶᠢᠨ |
ᠲᠡᠬᠡᠳᠣ ᠲᠠᠯ᠎ᠠ ᠠᠴᠠ ᠲᠦᠷᠪᠠ ᠪᠣᠶᠣ ᠨᠠᠢᠮᠠᠨ ᠪᠦᠬᠡ ᠵᠡᠷᠬᠡ ᠪᠠᠷ ᠵᠡᠷᠬᠡᠴᠡᠨ ᠭᠠᠷᠣᠨ᠎ᠠ᠂ ᠲᠣᠣᠷᠠᠳᠣ ᠲᠠᠯ᠎ᠠ ᠶᠢᠨ |
ᠢᠳᠡᠰᠢ ᠶᠢᠨ ᠨᠠᠢᠮᠠᠨ ᠪᠦᠬᠡ ᠮᠦᠨ ᠲᠡᠪᠢᠨ ᠭᠠᠷᠴᠣ ᠵᠦᠷᠢᠯᠳᠣᠬᠦᠯᠣᠨ ᠪᠠᠷᠢᠯᠳᠣᠬᠤ ᠠᠷᠭ᠎ᠠ ᠪᠠᠷ ᠪᠠᠷᠢᠯᠳᠣᠨ᠎ᠠ᠃ × |
× × × × × × × ᠪᠠᠷᠠᠭᠤᠨ ᠭᠠᠷ ᠤᠨ ᠪᠦᠬᠡ ᠲᠠᠶᠢᠵᠠ × × × × × × × × ᠵᠡᠬᠦᠨ ᠭᠠᠷ ᠤᠨ |
ᠪᠦᠬᠡ ᠬᠡᠪᠡᠴᠣ 16 ᠶᠢᠨ ᠨᠤᠭᠤᠯᠤᠭ᠎ᠠ ᠡᠬᠢᠯᠡᠪᠡᠯ ᠲᠡᠬᠡᠳᠣ ᠲᠠᠯ᠎ᠠ ᠠᠴᠠ ᠲᠦᠷᠪᠡᠨ ᠪᠦᠬᠡ᠂ ᠲᠣᠣᠷᠡᠳᠣ ᠲᠠᠯ᠎ᠠ ᠠᠴᠠ |
ᠲᠦᠷᠪᠡᠨ ᠪᠦᠬᠡ ᠭᠠᠷᠴᠣ ᠵᠦᠷᠢᠯᠳᠣᠨ ᠪᠠᠷᠢᠯᠳᠣᠨ᠎ᠠ᠃ ᠲᠠᠬᠡᠳᠣ ᠰᠢᠯᠢᠳᠡᠭ ᠨᠠᠢᠮᠠᠨ ᠶᠢᠨ ᠨᠣᠭᠤᠯᠭ᠎ᠠ ᠡᠬᠢᠯᠡᠪᠡᠯ |
ᠬᠤᠶᠠᠷ ᠲᠠᠯ᠎ᠠ ᠠᠴᠠ ᠬᠤᠶᠠᠷ ᠬᠤᠣᠰ ᠪᠦᠬᠡ ᠭᠠᠷᠴᠣ ᠪᠠᠷᠢᠯᠳᠣᠨ᠎ᠠ᠃ ᠡᠨᠡ ᠮᠡᠳᠣ ᠪᠠᠷ ᠪᠠᠷᠢᠯᠳᠣᠨ ᠦᠵᠣᠬᠦᠷ ᠢᠶᠠᠨ |
ᠲᠡᠳ᠋ ᠤᠨ ᠪᠦᠬᠡ ᠪᠠᠨ ᠭᠠᠷᠭᠠᠨ᠎ᠠ᠂ ᠦᠵᠣᠬᠦᠷ ᠲᠡᠳ᠋ ᠪᠦᠬᠡ ᠶᠢᠨ ᠡᠮᠣᠨ᠎ᠠ ᠣᠣᠯ ᠨᠢ ᠭᠤᠷᠪᠠ ᠲᠦᠷᠪᠠ ᠶᠢᠨ |
ᠪᠦᠬᠡ ᠪᠠᠨ ᠪᠠᠷᠢᠯᠳᠣᠭᠤᠯᠣᠨ ᠭᠠᠷᠭᠠᠳᠠᠭ ᠪᠠᠶᠢᠯ᠎ᠠ ︵ᠣᠳᠣ ᠭᠠᠳᠠᠨ᠎ᠠ ᠠᠴᠠ ᠰᠣᠷᠴᠣ ᠭᠤᠷᠪᠠ ᠲᠦᠷᠪᠠ ᠶᠢᠨ |
ᠪᠦᠬᠡ ᠪᠠᠨ ᠪᠠᠷᠢᠯᠳᠣᠭᠤᠯᠬᠤ ᠦᠬᠡᠢ ᠪᠣᠯᠵᠡᠢ᠂ ᠱᠠᠩᠨᠠᠯ ᠨᠢ ᠴᠦ ᠠᠳᠠᠯᠢ ᠪᠣᠯᠵᠡᠢ︶᠃ |
ᠲᠡᠬᠡᠳᠣ ᠲᠦᠷᠪᠠᠨ ᠪᠦᠬᠡ ᠶᠢᠨ ᠦᠶᠠᠰ᠂ ᠬᠤᠶᠠᠷ ᠲᠠᠯ᠎ᠠ ᠠᠴᠠ ᠬᠤᠶᠠᠷ ᠬᠤᠣᠰ ᠪᠦᠬᠡ ᠭᠠᠷᠭᠠᠨ ᠠᠭᠠᠵᠢᠮ |
ᠪᠠᠷᠢᠯᠳᠣᠭᠤᠯᠬᠤ ᠨᠢ ᠰᠠᠶᠢᠨ ᠪᠦᠬᠡᠴᠢᠳ ᠤᠨ ᠪᠠᠷᠢᠯᠳᠣᠭᠠᠨ ᠢ ᠰᠠᠶᠢᠳᠣᠷ ᠰᠣᠨᠢᠷᠬᠠᠨ ᠨᠡᠷᠡᠳᠣ ᠪᠦᠬᠡ ᠶᠢᠨ ᠭᠤᠶᠢᠳᠠ |
ᠪᠠᠷᠢᠯᠳᠣᠭᠠᠨ ᠢ ᠦᠵᠡᠭᠴᠢ ᠲᠦᠮᠡᠨ ᠳᠤ ᠰᠣᠨᠢᠷᠬᠠᠭᠤᠯᠣᠨ ᠭᠤᠸ᠎ᠠ ᠰᠠᠶᠢᠬᠠᠨ ᠣᠶᠣᠨ ᠰᠠᠨᠠᠭᠠᠨ ᠤ ᠬᠦᠷᠳᠡᠬᠡᠯ |
ᠣᠯᠭᠤᠨ ᠦᠵᠡᠬᠦᠯᠬᠦ ᠶᠢᠨ ᠲᠦᠯᠣᠬᠡ ᠶᠣᠮ᠃ ᠨᠤᠭᠤᠯᠤᠭ᠎ᠠ ᠲᠠᠭᠠᠷᠠᠵᠣ ᠪᠠᠷᠢᠯᠳᠣᠭᠠᠳ ᠨᠤᠭᠤᠯᠤᠭ᠎ᠠ ᠪᠠᠨ ᠲᠠᠪᠠᠪᠠᠯ |
ᠲᠡᠬᠡᠳᠣ ᠲᠠᠯ᠎ᠠ ᠶᠢᠨ ᠰᠠᠶᠢᠨ ᠪᠦᠬᠡ᠂ ᠢᠳᠡᠰᠢ ᠶᠢᠨ ᠲᠣᠣᠷᠠᠳᠣ ᠲᠠᠯ᠎ᠠ ᠶᠢᠨ ᠪᠦᠬᠡ ᠴᠤ ᠬᠡᠰᠠᠨ ᠪᠠᠷᠢᠯᠳᠣᠨ ᠬᠠᠶᠠᠪᠠᠯ |
ᠲᠡᠬᠡᠳᠣ ᠲᠠᠯ᠎ᠠ ᠶᠢᠨ ᠣᠷᠣᠨ ᠳᠤᠨᠢ ᠭᠠᠷᠴᠣ ᠰᠠᠭᠤᠨ᠎ᠠ᠃ ᠲᠡᠬᠡᠳᠣ ᠲᠠᠯ᠎ᠠ ᠠᠴᠠ ᠭᠠᠷᠣᠬᠰᠠᠨ ᠪᠦᠬᠡ ᠢ ᠬᠠᠶᠠᠬᠰᠠᠨ |
ᠣᠴᠢᠷ ᠣᠯᠠᠨ ᠪᠣᠢ᠃ ᠡᠨᠡ ᠮᠡᠳᠣ ᠪᠠᠷ ᠨᠤᠭᠤᠯᠤᠭ᠎ᠠ ᠪᠦᠷᠢ ᠬᠠᠶᠠᠬᠰᠠᠨ ᠪᠦᠬᠡ ᠨᠢ ᠲᠡᠬᠡᠳᠣ ᠲᠠᠯ᠎ᠠ ᠶᠢᠨ ᠣᠷᠣᠨ ᠳᠤ |
ᠣᠴᠢᠵᠣ᠂ ᠲᠠᠷᠠᠭ᠎ᠠ ᠶᠢᠨ ᠨᠣᠭᠤᠯᠭ᠎ᠠ ᠶᠢᠨ ᠪᠦᠬᠡ ᠲᠠᠢ ᠪᠠᠨ ᠵᠠᠯᠭᠠᠨ ᠪᠠᠷᠢᠯᠳᠣᠨ᠎ᠠ᠃ |
ᠲᠣᠯᠤᠭ᠎ᠠ᠂ ᠪᠦᠬᠡ ᠴᠣᠯᠠᠯᠠᠬᠤ |
ᠠᠷᠭ᠎ᠠ ᠪᠠᠷᠢᠯᠳᠣᠭᠠᠨ ᠢᠳᠡ ᠶᠠᠪᠣᠬᠳᠠᠵᠣ ᠲᠡᠬᠡᠳᠣ ᠲᠦᠷᠪᠠᠨ ᠪᠦᠬᠡ ᠦᠯᠡᠳᠡᠪᠡᠯ ᠡᠯ᠎ᠡ ᠵᠦᠢᠯ ᠤᠨ ᠱᠠᠩᠨᠡᠯ |
ᠣᠯᠭᠤᠨ᠎ᠠ᠂ ᠮᠣᠷᠢᠨ ᠤ ᠱᠠᠩᠨᠡᠯ᠂ ᠵᠢᠱᠢᠶᠠᠴᠢ ᠮᠠᠯᠴᠢᠨ᠂ ᠨᠡᠷᠡᠳᠣ ᠣᠶᠠᠭᠠᠴᠢ᠂ ᠨᠡᠷᠡᠳᠣ ᠪᠦᠬᠡ ᠪᠠᠨ ᠴᠣᠯᠯᠠᠬᠤ |
ᠵᠡᠷᠬᠡ ᠠᠵᠢᠯ ᠤᠳ ᠶᠠᠪᠣᠬᠳᠠᠨᠠ᠃ ᠬᠦᠯᠣᠨ ᠪᠤᠶᠢᠷ ᠲᠤ ᠭᠤᠣᠯᠳᠠᠭᠤ ᠣᠣᠯ ᠤᠨ ᠨᠡᠷᠡᠳᠣ ᠰᠠᠶᠢᠨ ᠪᠦᠬᠡ ᠶᠢ ᠨᠠᠰᠤ |
ᠦᠡᠳᠣᠷ ᠪᠣᠯᠵᠣ ᠪᠠᠷᠢᠯᠳᠣᠬᠤ ᠦᠬᠡᠢ ᠴᠠᠭ ᠲᠤᠨᠢ ᠠᠯᠳᠠᠷ ᠭᠠᠪᠢᠶ᠎ᠠ ᠶᠢ ᠨᠢ ᠲᠠᠬᠢᠨᠳᠠ ᠦᠨᠡᠯᠡᠨ ᠮᠠᠡᠳᠣᠭᠤᠯᠵᠣ |
︽ᠲᠠᠷᠬᠠᠨ ᠪᠦᠬᠡ︾ ᠶᠢᠨ ᠴᠣᠯᠠ ᠣᠯᠭᠤᠨ ᠬᠤᠶᠢᠴᠢ ᠦᠶ᠎ᠡ ᠳᠤ ᠬᠦᠮᠣᠵᠢᠯ ᠪᠣᠯᠭᠠᠨ᠎ᠠ᠃ ᠵᠠᠰᠠᠭ ᠤᠨ ᠲᠠᠯ᠎ᠠ ᠠᠴᠠ᠂ |
1997 ᠣᠨ ᠳᠤ ᠭᠤᠴᠢᠨ ᠬᠤᠶᠠᠷ ᠨᠡᠷᠡᠰ ᠪᠦᠬᠡ ᠳᠤ ᠦᠪᠣᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ |
ᠲᠠᠪᠢᠨ ᠵᠢᠯ ᠤᠨ ᠣᠢ ᠳᠤ᠂ ᠨᠢᠬᠡ ᠣᠳᠠᠭ᠎ᠠ ᠠᠯᠪᠠᠨ ᠲᠠᠯ᠎ᠠ ᠠᠴᠠ ᠪᠦᠬᠡ ᠶᠢᠨ ᠴᠣᠯᠠ ᠣᠯᠭᠤᠵᠡᠢ᠂ ᠬᠦᠯᠣᠨ ᠪᠤᠶᠢᠷ |
ᠠᠶᠢᠮᠠᠭ ︵ᠬᠤᠳᠠ︶ ᠭᠤᠷᠪᠠᠨ ᠣᠳᠠᠭ᠎ᠠ ︵1983 ᠣᠨ ᠳᠤ ᠠᠷᠪᠠᠨ ᠨᠢᠬᠡᠨ ᠪᠦᠬᠡ᠂ 1991 ᠣᠨ ᠳᠤ |
ᠵᠢᠷᠭᠤᠭᠠᠨ ᠪᠦᠬᠡ᠂ 2007 ᠣᠨ ᠳᠤ ᠲᠦᠷᠪᠠᠨ ᠪᠦᠬᠡ︶᠂ ︽ᠠᠶᠢᠮᠠᠭ ᠤᠨ ᠲᠠᠷᠬᠠᠨ ᠪᠦᠬᠡ︾ ᠶᠢᠨ ᠴᠣᠯᠠ |
ᠣᠯᠭᠤᠨ᠂ ᠰᠢᠨ᠎ᠠ ᠪᠠᠷᠭᠤ ᠵᠠᠬᠦᠨ ᠬᠤᠰᠢᠭᠤ ᠬᠤᠶᠠᠷ ᠣᠳᠠᠭ᠎ᠠ ︽ᠬᠤᠰᠢᠭᠤᠨ ᠤ ᠲᠠᠷᠬᠠᠨ ᠪᠦᠬᠡ︾ ᠶᠢᠨ ᠴᠣᠯᠠ |
ᠣᠯᠭᠤᠨ᠂ ᠰᠢᠨ᠎ᠠ ᠪᠠᠷᠭᠤ ᠵᠡᠬᠦᠨ ᠬᠤᠰᠢᠭᠤᠨ ᠤ ᠰᠣᠶᠣᠯ ᠲᠠᠮᠢᠷ ᠲᠣᠪᠴᠢᠶᠠᠨ ᠠᠴᠠ 2013 ᠣᠨ ᠤ ᠪᠦᠬᠡ ᠶᠢᠨ |
ᠣᠪᠣᠭᠠᠨ ᠲᠠᠬᠢᠯᠭ᠎ᠠ ᠳᠤ ᠠᠩᠬ᠎ᠠ ᠲᠡᠷᠢᠭᠦᠨ ᠠᠯᠪᠠᠨ ᠲᠠᠯ᠎ᠠ ᠠᠴᠠ ᠴᠣᠯᠠ ᠣᠯᠭᠤᠬᠤ ᠳᠠᠭᠠᠨ ᠲᠠᠬᠡᠳᠣ ᠠᠷᠪᠠᠨ |
ᠵᠢᠷᠭᠤᠭᠠᠨ ᠪᠦᠬᠡ ᠳᠤ ᠴᠣᠯᠠ ᠣᠯᠭᠤᠬᠤ ᠠᠵᠢᠯ ᠢ ᠬᠢᠵᠡᠢ᠃ 1998 ᠣᠨ ᠳᠤ ᠲᠠᠷᠭᠤᠨᠨᠠᠭᠤᠷ ᠰᠣᠮᠣᠨ ᠤ |
ᠠᠷᠠᠳ ᠤᠨ ᠨᠠᠭᠠᠳᠣᠮ ᠳᠤ ᠲᠦᠷᠪᠠᠨ ᠠᠬᠠᠮᠠᠳ ᠪᠦᠬᠡ ᠳᠤ ᠰᠣᠮᠣᠨ ᠤ ᠵᠠᠰᠠᠭ ᠤᠨ ᠣᠷᠳᠣᠨ ᠠᠴᠠ ︽ᠰᠣᠮᠣᠨ ᠤ |
ᠲᠠᠷᠬᠠᠨ ᠪᠦᠬᠡ︾ ᠶᠢᠨ ᠴᠣᠯᠠ ᠣᠯᠭᠤᠵᠡᠢ᠃ |
ᠬᠠᠷᠢᠨ ᠠᠭᠤᠯᠠ ᠣᠪᠣᠭᠠᠨ ᠤ ᠲᠠᠬᠢᠯᠭ᠎ᠠ ᠨᠠᠭᠠᠳᠣᠮ ᠳᠤ ᠭᠤᠷᠪᠠᠨ ᠵᠢᠯ ᠲᠠᠷᠠᠭᠠᠯᠠᠨ ᠲᠡᠷᠢᠬᠦᠨ ᠪᠦᠬᠡ ᠪᠣᠯᠪᠠᠯ |
ᠠᠭᠤᠯᠠ ᠣᠪᠣᠭᠠᠨ ᠤ ᠲᠠᠬᠢᠯᠭ᠎ᠠ ᠶᠢᠨ ᠵᠦᠪᠯᠡᠯ ᠤᠨ ᠲᠠᠷᠤᠭ᠎ᠠ ᠨᠠᠷ ᠶᠠᠷᠢᠯᠴᠠᠨ ᠲᠣᠰ ᠣᠪᠣᠭ᠎ᠠ ᠶᠢᠨ ︽ᠲᠠᠷᠬᠠᠨ |
ᠪᠦᠬᠡ︾ ᠶᠢᠨ ᠴᠣᠯᠠ ᠣᠯᠭᠤᠨ᠎ᠠ᠃ ᠡᠨᠡᠬᠦ ᠶᠣᠰᠣ ᠨᠢ ᠬᠤᠶᠢᠴᠢ ᠦᠶ᠎ᠡ ᠶᠢᠨ ᠰᠢᠨ᠎ᠡ ᠪᠠᠷ ᠭᠠᠷᠬᠤ ᠪᠦᠬᠡ ᠳᠤ ᠵᠠᠮ |
ᠲᠠᠯᠪᠢᠨ ᠬᠦᠮᠣᠵᠢᠬᠦᠯᠬᠦ ᠶᠣᠰᠣ ᠪᠢᠯᠠ᠃ ᠵᠢᠱᠢᠶᠠᠯᠠᠪᠠᠯ᠄ ᠰᠣᠮᠣᠨ ᠨᠠᠭᠠᠳᠣᠮ᠂ ᠪᠣᠬᠳᠠ ᠠᠭᠤᠯᠠ ᠶᠢᠨ ᠲᠠᠬᠢᠯᠭ᠎ᠠ᠂ |
ᠬᠤᠰᠢᠭᠤᠨ ᠣᠪᠣᠭᠠᠨ ᠲᠠᠬᠢᠯᠭ᠎ᠠ᠂ ᠰᠣᠮᠣᠨ ᠣᠪᠣᠭᠠᠨ ᠤ ᠲᠠᠬᠢᠯᠭ᠎ᠠ᠂ ᠬᠠᠯᠠ ᠶᠢᠨ ᠣᠪᠣᠭᠠᠨ ᠲᠠᠬᠢᠯᠭ᠎ᠠ ᠬᠡᠬᠦ ᠮᠡᠳᠣ |
︽ᠲᠠᠷᠬᠠᠨ ᠪᠦᠬᠡ︾ ᠶᠢᠨ ᠴᠣᠯᠠ ᠣᠯᠭᠤᠨ ᠲᠣᠰᠬᠠᠢ ᠱᠠᠩᠨᠠᠯ ᠬᠦᠷᠳᠡᠬᠡᠨ᠂ ᠲᠣᠰ ᠭᠠᠵᠠᠷ ᠲᠠᠬᠢᠨ ᠪᠠᠷᠢᠯᠳᠣᠬᠤ |
ᠦᠬᠡᠢ᠂ ᠬᠦᠡᠳᠣᠳᠬᠡᠯ ᠤᠨ ᠰᠠᠭᠤᠳᠠᠯ ᠪᠣᠶᠣ ᠪᠦᠬᠡ ᠵᠠᠰᠠᠬᠤ ᠠᠵᠢᠯ ᠳᠤ ᠬᠠᠪᠰᠣᠷᠣᠭᠤᠯᠣᠨ ᠬᠦᠡᠳᠣᠳᠬᠡᠨᠠ᠃ |
︵ᠲᠣᠰ ᠭᠠᠵᠠᠷ ᠪᠦᠬᠡ ᠶᠢᠨ ᠠᠵᠢᠯ ᠤᠨ ᠲᠣᠬᠠᠢ ᠦᠬᠡ ᠶᠠᠷᠢᠬᠤ ᠡᠷᠬᠡ ᠲᠠᠢ ᠪᠣᠯᠣᠨ᠎ᠠ︶᠃ |
ᠦᠪᠣᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠪᠠᠶᠢᠭᠤᠯᠣᠬᠳᠠᠬᠰᠠᠨ ᠲᠠᠪᠢᠨ ᠵᠢᠯ ᠤᠨ ᠣᠢ ᠶᠢᠨ ᠣᠷᠣᠨ |
ᠲᠠᠶᠠᠭᠠᠷ ᠴᠣᠯᠠ ᠣᠯᠭᠤᠬᠤ ᠨᠠᠭᠠᠳᠣᠮ ᠳᠤ ᠲᠡᠬᠡᠳᠣ ᠠᠷᠪᠠᠨ ᠵᠢᠷᠭᠤᠭ᠎ᠠ ᠶᠢᠨ ᠨᠤᠭᠤᠯᠤᠭ᠎ᠠ ᠳᠤ ᠦᠯᠡᠳᠡᠭᠰᠠᠨ ᠪᠦᠬᠡ |
ᠡᠷᠳᠡᠮᠳᠣ ᠣᠷᠣᠨ ᠤ ᠦᠯᠵᠡᠢ ᠵᠢᠪᠬᠤᠯᠠᠩᠳᠣ ᠵᠠᠭᠠᠨ ᠴᠣᠯᠠ ᠬᠦᠷᠳᠡᠨ᠂ ᠭᠤᠴᠢᠨ ᠬᠤᠶᠠᠷ ᠤᠨ ᠨᠣᠭᠤᠯᠭ᠎ᠠ ᠳᠤ |
ᠪᠦᠬᠡ ᠰᠠᠡᠴᠢᠷ ᠪᠠᠷᠰ ᠴᠣᠯᠠ ᠬᠦᠷᠳᠡᠵᠡᠢ᠃ |
ᠲᠠᠷᠬᠠᠨ ᠪᠦᠬᠡ ᠶᠢᠨ ᠴᠣᠯᠠ ᠣᠯᠭᠤᠬᠤ ᠨᠢ ᠲᠣᠩ ᠨᠠᠷᠢᠯᠢᠭ ᠠᠵᠢᠯ᠂ ᠴᠣᠯᠠ ᠣᠯᠬᠤ ᠪᠦᠬᠡ ᠨᠢ ᠨᠡᠯᠢᠶᠡᠳ |
ᠶᠡᠭᠡ ᠠᠮᠵᠢᠯᠳᠠ ᠪᠦᠳᠣᠮᠵᠢ ᠲᠠᠢ ᠪᠠᠶᠢᠬᠤ ᠬᠡᠷᠡᠭᠳᠡᠢ᠂ ᠡᠬᠦᠨ ᠳᠤ ᠠᠶᠢᠮᠠᠭ ᠤᠨ ᠨᠠᠭᠠᠳᠣᠮ ᠤᠨ 512 ᠪᠦᠬᠡ ᠲᠠᠢ |
ᠨᠣᠭᠤᠯᠤᠭ᠎ᠠ ᠪᠠᠷᠢᠯᠳᠣᠭᠠᠨ ᠳᠤ ᠲᠡᠬᠡᠳᠣ ᠲᠦᠷᠪᠠ ᠳᠤ ᠦᠯᠡᠳᠡᠭᠰᠠᠨ ᠪᠦᠬᠡ ︽ᠠᠶᠢᠮᠠᠭ ᠤᠨ ᠲᠠᠷᠬᠠᠨ ᠪᠦᠬᠡ︾ ᠶᠢᠨ |
ᠴᠣᠯᠠ ᠬᠦᠷᠳᠡᠬᠦ᠂ ᠬᠤᠰᠢᠭᠤᠨ ᠤ ᠲᠠᠷᠬᠠᠨ ᠪᠦᠬᠡ ᠨᠢ ᠬᠤᠰᠢᠭᠤ ᠨᠠᠭᠠᠳᠣᠮ ᠳᠤ ᠨᠢᠬᠡ ᠣᠳᠠᠭ᠎ᠠ ᠠᠴᠠ ᠲᠡᠬᠡᠭᠰᠢ |
256 ᠪᠦᠬᠡ ᠶᠢᠨ ᠪᠠᠷᠢᠯᠳᠣᠭᠠᠨ ᠳᠤ ᠲᠡᠬᠡᠳᠣ ᠲᠦᠷᠪᠠ ᠳᠤ ᠦᠯᠡᠳᠡᠭᠰᠠᠨ ᠪᠦᠬᠡ ︽ᠬᠤᠰᠢᠭᠤᠨ ᠤ ᠲᠠᠷᠬᠠᠨ ᠪᠦᠬᠡ︾ |
ᠶᠢᠨ ᠴᠣᠯᠠ ᠬᠦᠷᠳᠡᠬᠦ᠂ ᠰᠣᠮᠣᠨ ᠤ ᠲᠠᠷᠬᠠᠨ ᠪᠦᠬᠡ ᠨᠢ ᠠᠶᠢᠮᠠᠭ ᠬᠤᠰᠢᠭᠤ ᠲᠠᠶᠠᠭᠠᠷ ᠨᠡᠯᠢᠶᠡᠳ ᠠᠯᠳᠠᠷ ᠲᠠᠢ᠂ |
ᠰᠣᠮᠣᠨ ᠤ ᠨᠡᠷ᠎ᠡ ᠠᠯᠳᠠᠷ ᠢ ᠨᠠᠯᠢᠶᠡᠳ ᠮᠠᠡᠳᠣᠭᠤᠯᠣᠬᠰᠠᠨ ᠪᠣᠬᠳᠠ ᠠᠭᠤᠯᠠ ᠶᠢᠨ ᠲᠠᠬᠢᠯᠭ᠎ᠠ ︵ᠣᠴᠢᠷ ᠨᠢ ᠰᠢᠨ᠎ᠠ |
ᠪᠠᠷᠭᠤ ᠵᠡᠬᠦᠨ᠂ ᠪᠠᠷᠠᠭᠤᠨ ᠬᠤᠰᠢᠭᠤ ᠵᠠᠰᠠ ᠨᠡᠶᠢᠯᠡᠨ ᠬᠦᠯᠣᠨ ᠪᠤᠶᠢᠷ ᠢᠶᠠᠷ ᠢᠶᠠᠨ ᠲᠠᠬᠢᠳᠠᠭ︶ ᠵᠡᠷᠬᠡ ᠨᠠᠶᠢᠷ |
ᠨᠠᠭᠠᠳᠣᠮ ᠳᠤ ᠦᠵᠤᠬᠦᠷ ᠲᠡᠳ᠋ ᠳᠤ ᠦᠯᠡᠳᠡᠭᠰᠡᠨ ᠪᠦᠭᠡ ᠪᠤᠶᠦ ᠤᠯᠠᠨ ᠵᠢᠯ ᠪᠠᠷᠢᠯᠳᠣᠬᠰᠠᠨ ᠪᠦᠬᠡ ᠳᠤ |
︽ᠰᠣᠮᠣᠨ ᠤ ᠲᠠᠷᠬᠠᠨ ᠪᠦᠬᠡ︾ ᠶᠢᠨ ᠴᠣᠯᠠ ᠣᠯᠭᠤᠨ᠎ᠠ᠃ |
ᠨᠠᠢᠮᠠ᠂ ᠦᠵᠣᠬᠦᠷ ᠤᠨ ᠲᠦᠷᠪᠠᠨ ᠪᠦᠬᠡ ᠪᠠᠨ ᠪᠠᠷᠢᠯᠳᠣᠭᠤᠯᠬᠤ ᠠᠷᠭ᠎ᠠ |
ᠵᠡᠬᠦᠨ ᠲᠠᠯ᠎ᠠ ᠶᠢᠨ ᠦᠵᠣᠬᠦᠷ ᠪᠦᠬᠡ ᠨᠢ ᠪᠠᠷᠠᠭᠤᠨ ᠲᠠᠯ᠎ᠠ ᠶᠢᠨ ᠬᠤᠶᠠᠷ ᠲᠤ ᠵᠣᠬᠰᠣᠬᠰᠠᠨ ᠪᠦᠬᠡ ᠲᠠᠢ |
ᠪᠠᠷᠢᠯᠳᠣᠭᠤᠯᠣᠨ᠂ ᠪᠠᠷᠠᠭᠤᠨ ᠲᠠᠯ᠎ᠠ ᠶᠢᠨ ᠦᠵᠣᠬᠦᠷ ᠪᠦᠬᠡ ᠨᠢ ᠵᠡᠬᠦᠨ ᠲᠠᠯ᠎ᠠ ᠶᠢᠨ ᠬᠤᠶᠠᠷ ᠲᠤ ᠵᠣᠬᠰᠣᠬᠰᠠᠨ |
ᠪᠦᠬᠡ ᠲᠠᠢ ᠪᠠᠷᠢᠯᠳᠣᠨ᠎ᠠ ︵ᠲᠡᠬᠡᠳᠣ ᠲᠠᠯ᠎ᠠ ᠶᠢᠨ ᠪᠦᠬᠡ ᠨᠢ ᠲᠣᠣᠷᠠᠳᠣ ᠲᠠᠯ᠎ᠠ ᠶᠢᠨ ᠪᠦᠬᠡ ᠲᠠᠢ ᠪᠠᠷᠢᠯᠳᠣᠨ᠎ᠠ︶᠃ |
ᠬᠤᠶᠠᠷ ᠬᠤᠣᠰ ᠲᠦᠷᠪᠠᠨ ᠪᠦᠬᠡ ᠪᠠᠨ ᠪᠦᠬᠡ ᠲᠠᠭᠤᠳᠠᠬᠤ ᠲᠠᠭᠤᠤ ᠶᠢᠨ ᠠᠶᠠᠰ ᠢᠶᠠᠷ ᠬᠤᠶᠠᠷ ᠲᠠᠯ᠎ᠠ ᠶᠢᠨ |
ᠪᠦᠬᠡ ᠶᠢᠨ ᠵᠠᠰᠠᠭᠤᠯ ︵ᠪᠦᠬᠡ ᠶᠢᠨ ᠪᠠᠭᠰᠢ ᠵᠢᠴᠢ ᠪᠦᠬᠡ ᠶᠢᠨ ᠲᠣᠳᠣᠨᠣ ᠬᠦᠮᠣᠰ︶ ᠲᠦᠷᠪᠠᠨ ᠪᠦᠬᠡ ᠪᠠᠨ |
ᠬᠠᠮᠳᠣ ᠪᠠᠷ ᠰᠦᠷ ᠵᠢᠪᠬᠤᠭ᠎ᠠ ᠲᠠᠢ ᠪᠠᠷ ᠲᠡᠪᠢᠨ ᠭᠠᠷᠭᠠᠨ ᠪᠠᠷᠢᠯᠳᠣᠭᠤᠯᠣᠨᠠ᠃ |
ᠶᠢᠰᠣ᠂ ᠱᠠᠩᠨᠠᠯ ᠣᠯᠭᠤᠬᠤ |
ᠮᠣᠩᠭᠤᠯ ᠪᠦᠬᠡ ᠶᠢᠨ ᠨᠠᠶᠢᠷ ᠨᠠᠭᠠᠳᠣᠮ ᠪᠦᠷᠢ ᠡᠬᠢᠯᠡᠯᠳᠠ ᠠᠴᠠ ᠲᠡᠬᠦᠰᠬᠡᠯ ᠬᠦᠷᠳᠡᠯ᠎ᠡ ᠠᠳᠠᠯᠢ ᠦᠬᠡᠢ |
ᠱᠠᠩ ᠲᠠᠢ᠂ ᠱᠠᠩᠨᠠᠯ ᠤᠨ ᠶᠡᠭᠡ ᠪᠠᠭ᠎ᠠ ᠨᠢ ᠵᠤᠬᠢᠶᠠᠨ ᠪᠠᠶᠢᠭᠤᠯᠬᠤ ᠨᠢᠬᠡᠴᠠ ᠠᠴᠠ ᠨᠦᠬᠦᠴᠡᠯ ᠢ ᠪᠦᠷᠢᠯᠳᠣᠬᠦᠯᠣᠨ᠎ᠠ᠃ |
ᠣᠣᠯ ᠨᠢ ᠬᠠᠭᠠᠰ ᠲᠠᠭᠠᠷ ᠪᠣᠳᠠᠭ᠎ᠠ᠂ ᠭᠤᠯᠢᠷ᠂ ᠬᠠᠭᠠᠰ ᠬᠡᠪ ᠤᠨ ᠴᠠᠢ᠂ ᠬᠤᠵᠢᠮ ᠨᠢ ᠴᠠᠢ᠂ ᠨᠣᠣᠰᠣᠨ ᠲᠠᠡᠽᠢ᠂ |
ᠷᠠᠳᠢᠣ᠋᠂ ᠬᠠᠯᠠᠭᠤᠨ ᠣᠰᠣᠨ ᠤ ᠰᠠᠪᠠ᠂ ᠪᠠᠭ᠎ᠠ ᠰᠢᠭᠬᠡᠬᠡᠯᠳᠠ ᠶᠢᠨ ᠮᠠᠰᠢᠨ ᠵᠡᠷᠭᠡ᠃ ᠣᠳᠤ ᠮᠠᠨ ᠤ ᠨᠣᠳᠤᠭ ᠤᠨ |
︵ᠬᠦᠯᠣᠨ ᠪᠤᠶᠢᠷ︶ ᠦᠡᠳᠣᠷ ᠱᠠᠩᠨᠠᠯ ᠨᠢ ᠠᠷᠠᠳ ᠤᠨ ᠵᠣᠭᠤᠰ ᠨᠠᠢᠮᠠᠨ ᠲᠦᠮᠡ᠂ ᠬᠤᠶᠠᠷ ᠲᠦᠮᠡᠨ ᠲᠦᠬᠦᠷᠢᠭ |
ᠬᠦᠷᠴᠣ᠂ ᠮᠦᠡᠴᠣ ᠡᠳ᠋ ᠪᠣᠳᠡᠰ᠂ ᠲᠠᠪᠣᠨ ᠬᠤᠰᠢᠭᠤ ᠮᠠᠯ᠂ ᠪᠠᠭ᠎ᠠ ᠲᠷᠡᠭᠲ᠋ᠣᠷ᠂ ᠮᠣᠲ᠋ᠣᠷ᠂ ᠲᠧᠯᠧᠢᠰ ᠵᠢᠩᠬᠢᠨᠢ |
ᠰᠢᠵᠢᠷ ᠠᠯᠳᠠᠠ ᠮᠧᠲ᠋ᠠᠯ ᠬᠡᠬᠦ ᠮᠡᠳᠣ ᠱᠠᠩᠨᠠᠯ ᠣᠯᠭᠤᠨ᠎ᠠ᠃ ᠪᠦᠬᠡ ᠶᠢᠨ ᠪᠠᠷᠢᠯᠳᠣᠭᠠᠨ ᠤ ᠲᠡᠷᠢᠬᠦᠨ ᠨᠤᠭᠤᠯᠤᠭ᠎ᠠ |
ᠡᠷᠬᠢᠯᠡᠬᠦ ᠳᠤ ᠯᠠ ᠢᠳᠡᠰᠢ ᠶᠢᠨ ᠪᠦᠬᠡ ᠨᠢ ᠪᠠᠭ᠎ᠠ ᠬᠡᠮᠵᠢᠶᠠᠨ ᠤ ᠱᠠᠩ ᠲᠠᠢ᠂ ᠨᠣᠭᠤᠯᠤᠭ᠎ᠠ ᠲᠡᠬᠡᠭᠰᠢᠯᠡᠬᠦ ᠪᠦᠷᠢ |
ᠱᠠᠩᠨᠡᠯ ᠨᠢ ᠨᠡᠮᠡᠭᠳᠡᠨ᠎ᠡ᠂ ᠶᠡᠭᠡ ᠨᠠᠭᠠᠳᠣᠮ ᠳᠤ 32᠂ 16 ᠶᠢᠨ ᠨᠤᠭᠤᠯᠤᠭ᠎ᠠ ᠪᠠᠷᠢᠯᠳᠣᠭᠠᠨ ᠠᠴᠠ ᠱᠠᠩᠨᠠᠯ ᠨᠡᠯᠢᠶᠡᠳ |
ᠰᠠᠶᠢᠵᠢᠷᠠᠨ᠎ᠠ᠂ ᠲᠡᠬᠡᠳᠣ ᠨᠠᠢᠮᠠᠨ ᠪᠦᠬᠡ ᠶᠢᠨ ᠱᠠᠩ ᠨᠡᠯᠢᠶᠡᠳ ᠰᠠᠶᠢᠨ᠂ ᠦᠵᠣᠬᠦᠷ ᠪᠦᠬᠡ ᠶᠢᠨ ᠱᠠᠩᠨᠡᠯ ᠬᠠᠮᠤᠭ |
ᠶᠡᠭᠡ᠂ ᠲᠡᠳ᠋ ᠪᠦᠬᠡ ᠶᠢᠨ ᠱᠠᠩᠨᠡᠯ ᠨᠢ ᠦᠵᠣᠬᠦᠷ ᠪᠦᠬᠡ ᠠᠴᠠ ᠨᠡᠯᠢᠶᠡᠳ ᠪᠠᠭ᠎ᠠ᠂ ᠭᠤᠷᠪᠠ᠂ ᠲᠦᠷᠪᠠᠳᠣᠬᠡᠷ |
ᠪᠦᠬᠡ ᠶᠢᠨ ᠱᠠᠩᠨᠡᠯ ᠪᠠᠭ᠎ᠠ ᠯᠠ ᠵᠦᠷᠢᠶᠠᠨ ᠲᠠᠢ ︵ᠵᠠᠷᠢᠮ ᠦᠶᠡᠰ ᠠᠳᠠᠯᠢ ᠪᠠᠶᠢᠳᠠᠭ︶᠃ ᠶᠡᠭᠡ ᠨᠠᠭᠠᠳᠣᠮ ᠳᠤ |
ᠲᠡᠬᠡᠳᠣ ᠨᠠᠢᠮᠠᠨ ᠪᠦᠬᠡ ᠶᠢᠨ ᠱᠠᠩᠨᠡᠯ ᠢ ᠬᠠᠮᠳᠣ ᠳᠤᠨᠢ ᠣᠯᠭᠤᠨ᠎ᠠ᠂ ᠪᠠᠭ᠎ᠠ ᠰᠢᠭ᠋ ᠨᠠᠭᠠᠳᠣᠮ ᠳᠤ ᠲᠡᠬᠡᠳᠣ ᠲᠦᠷᠪᠠᠨ |
ᠪᠦᠬᠡ ᠶᠢᠨ ᠱᠠᠩᠨᠡᠯ ᠢ ᠬᠠᠮᠳᠣ ᠳᠤᠨᠢ ᠣᠯᠭᠤᠨ᠎ᠠ᠃ ᠲᠡᠬᠡᠳᠣ ᠲᠦᠷᠪᠠᠨ ᠪᠦᠬᠡ ᠪᠠᠷᠢᠯᠳᠣᠬᠤ ᠠᠴᠠ ᠡᠮᠣᠨ᠎ᠠ ᠬᠡᠳᠤᠨ |
ᠲᠦᠷᠣᠯ ᠤᠨ ᠮᠣᠷᠢᠳ ᠤᠨ ᠱᠠᠩᠨᠡᠯ ᠣᠯᠭᠤᠨ᠎ᠠ᠂ ᠲᠡᠬᠢᠨ ᠲᠡᠬᠡᠳᠣ ᠲᠦᠷᠪᠠᠨ ᠪᠦᠬᠡ ᠪᠠᠨ ᠪᠠᠷᠢᠯᠳᠣᠭᠤᠯᠵᠣ ᠦᠵᠣᠬᠦᠷ |
ᠲᠡᠳ᠋ ᠢᠶᠠᠨ ᠭᠠᠷᠭᠠᠨ ᠱᠠᠩᠨᠡᠯ ᠦᠭᠬᠦ ᠶᠣᠰᠣᠯᠠᠯ ᠡᠬᠢᠯᠠᠨ ᠨᠠᠭᠠᠳᠣᠮ ᠢᠶᠠᠨ ᠳ᠋ᠦᠡᠭᠨᠠᠨᠠ᠃ |
|
|
ᠵᠣᠬᠢᠶᠠᠭᠴᠢ᠄ ᠰᠢᠷᠠᠶᠢᠳ · ᠮᠦᠡᠭᠭᠡ ᠶᠢᠨ ᠦᠯᠵᠠᠶᠢᠬᠤᠳᠤᠭ |