ᠮᠤᠩᠭᠤᠯ ᠪᠦᠭᠡ ᠶᠢᠨ ᠪᠠᠷᠢᠯᠳᠤᠭᠠᠨ ᠤ ᠭᠤᠤᠯ ᠪᠤᠯᠬᠤ ᠠᠷᠭ᠎ᠠ ᠭᠡᠯᠪᠡᠷᠢ ᠶᠢᠨ ᠨᠢᠭᠡ ᠨᠢ ᠪᠠᠷᠢᠴᠠ ᠪᠤᠯᠤᠨ᠎ᠠ᠃ |
ᠪᠦᠭᠡ ᠭᠦᠮᠦᠨ ᠪᠠᠷᠢᠴᠠᠨ ᠳᠠᠭᠠᠨ ᠰᠢᠭᠤᠳᠴᠤ ᠴᠢᠳᠠᠬᠤ ᠦᠭᠡᠢ ᠪᠠᠷ ᠭᠦᠮᠦᠨ ᠢ ᠬᠠᠶᠠᠨ᠎ᠠ ᠭᠡᠳᠡᠭ ᠬᠤᠳᠠᠯ᠃ |
ᠪᠠᠷᠢᠴᠠ ᠪᠤᠯ ᠮᠤᠩᠭᠤᠯ ᠪᠦᠭᠡ ᠶᠢᠨ ᠠᠮᠢᠨ᠂ ᠮᠦᠨ ᠴᠤ ᠳᠤᠳᠤᠭᠠᠳᠤ ᠰᠡᠳᠭᠢᠯ ᠤᠨ ᠳᠠᠶᠢᠨ ᠤ ᠪᠤᠳᠤᠯᠭ᠎ᠠ ᠶᠢᠨ |
ᠢᠯᠠᠬᠤ ᠳᠤ ᠵᠤᠷᠢᠬᠤ ᠴᠢᠭᠯᠡᠯ ᠮᠦᠨ᠃ |
ᠪᠠᠷᠢᠴᠠᠨ ᠳᠤ ᠳᠦᠢᠯᠳᠠᠢ ᠭᠦᠷᠭᠦ ᠶᠢᠨ ᠵᠠᠮ ᠪᠤᠯ ᠪᠠᠷᠢᠬᠤ ᠪᠢᠰᠢ ᠬᠠᠷᠢᠨ ᠵᠤᠬᠰᠤᠴᠠ ᠭᠢᠰᠭᠢᠳᠡᠯ ᠪᠠᠶᠢᠭ᠎ᠠ |
ᠶᠤᠮ᠃ ᠭᠢᠰᠭᠢᠳᠡᠯ ᠤᠨ ᠳᠤᠬᠠᠢ ᠰᠤᠨᠢᠷᠬᠠᠨ ᠬᠠᠶᠢᠬᠤ ᠳᠤ ᠨᠢᠳᠤᠨ ᠳᠤ ᠤᠯᠠᠨ ᠶᠠᠭᠤᠮ᠎ᠠ ᠬᠠᠷᠠᠬᠳᠠᠬᠰᠠᠨ ᠯᠡ ᠳ᠋ᠠ᠃ |
ᠡᠷᠳᠡᠨ ᠠᠴᠠ ᠠᠪᠤᠭᠠᠳ ᠮᠤᠩᠭᠤᠯ ᠪᠦᠭᠡ ᠨᠢ ᠭᠢᠰᠭᠢᠳᠡᠯ ᠢᠶᠠᠨ ᠠᠩᠬᠠᠷᠴᠤ᠂ ᠭᠢᠰᠭᠢᠳᠡᠯ ᠰᠠᠶᠢᠳᠠᠢ ᠪᠠᠶᠢᠬᠤ ᠶᠢ |
ᠵᠤᠷᠢᠳᠠᠭ᠃ ᠶᠡᠷᠤᠨᠢ ᠭᠢᠰᠭᠢᠳᠡᠯ ᠰᠠᠶᠢᠳᠠᠢ ᠪᠦᠭᠡ ᠨᠢ ᠪᠠᠷᠢᠴᠠᠨ ᠳᠠᠭᠠᠨ ᠡᠷᠳᠡ ᠳᠤᠨᠤᠵᠤ ᠭᠦᠷᠳᠡᠭ ᠪᠤᠯ ᠭᠢᠰᠭᠢᠳᠡᠯ |
ᠵᠤᠭᠢᠴᠠᠬᠤ ᠦᠭᠡᠢ ᠭᠦᠮᠦᠨ ᠤ ᠪᠠᠷᠢᠴᠠ ᠳᠤᠳᠠᠭᠤᠳᠠᠭᠠᠳ ᠪᠠᠶᠢᠬᠤ ᠦᠵᠡᠭᠳᠡᠯ ᠪᠠᠶᠢᠡᠭᠭᠤ ᠬᠠᠷᠠᠬᠳᠠᠳᠠᠭ᠃ ᠤᠳᠤ |
ᠭᠢᠰᠭᠢᠳᠡᠯ ᠮᠠᠰᠢ ᠰᠠᠶᠢᠨ ᠪᠦᠭᠡ ᠶᠢᠨ ᠳᠤᠭᠠᠨ ᠳᠤ ᠪᠠᠭᠠᠷᠢᠨ ᠤ ᠠᠯᠳᠠᠨᠰᠦ᠋ᠭᠡ ᠠᠪᠤᠷᠭᠤ ᠬᠠᠷᠠᠬᠳᠠᠳᠠᠭ᠃ |
ᠠᠯᠳᠠᠨᠰᠦ᠋ᠭᠡ ᠪᠠᠷᠢᠯᠳᠤᠭᠠᠨ ᠤ ᠶᠠᠪᠤᠴᠠ ᠳᠤᠮᠳᠠ ᠪᠠᠨ ᠶᠠᠮᠠᠷ ᠪᠦᠭᠡ ᠲᠠᠢ ᠳᠠᠭᠠᠷᠠᠬᠰᠠᠨ ᠴᠤ ᠭᠢᠰᠭᠢᠳᠡᠯ ᠠᠯᠳᠠᠷᠠᠵᠤ |
ᠤᠢᠢᠴᠢᠵᠤ ᠪᠠᠶᠢᠭ᠎ᠠ ᠨᠢ ᠬᠠᠷᠠᠬᠳᠠᠳᠠᠭ ᠦᠭᠡᠢ᠂ ᠬᠠᠷᠢᠨ ᠮᠠᠰᠢ ᠡᠪ ᠲᠠᠢ ᠰᠠᠮᠪᠠᠭᠠᠯᠢᠭ ᠭᠢᠰᠭᠢᠳᠡᠯ ᠳᠡᠭᠦᠨ ᠤ |
ᠪᠠᠷᠢᠯᠳᠤᠭᠠᠨ ᠳᠤ ᠪᠠᠶᠢᠡᠭᠭᠤ ᠬᠠᠷᠠᠬᠳᠠᠳᠠᠭ᠃ ᠵᠤᠬᠰᠤᠴᠠ ᠶᠢᠨ ᠬᠤᠪᠢ ᠳᠤ ᠪᠦᠭᠡ ᠭᠦᠮᠦᠨ ᠪᠠᠶᠢᠷᠢ ᠲᠠᠢ ᠪᠠᠶᠢᠬᠤ᠂ |
ᠯᠠᠪ ᠪᠠᠶᠢᠬᠤ᠂ ᠭᠦᠨᠳᠤ ᠶᠢᠨ ᠵᠢᠩ ᠲᠠᠢ ᠬᠠᠷᠠᠬᠳᠠᠬᠤ ᠨᠢ ᠰᠠᠶᠢᠨ ᠵᠤᠬᠰᠤᠴᠠ ᠲᠠᠢ ᠪᠦᠭᠡ ᠶᠢᠨ ᠳᠡᠮᠳᠡᠭ ᠶᠤᠮ᠃ |
ᠡᠭᠦᠨ ᠤ ᠲᠦᠯᠦᠭᠡᠨ ᠤ ᠪᠦᠭᠡ ᠪᠠᠷ ᠭᠦᠯᠦᠨ ᠪᠤᠶᠢᠷ ᠤᠨ ᠠᠯᠳᠠᠨᠱᠠᠭ᠎ᠠ ᠤᠷᠤᠨ᠎ᠠ᠃ ᠳᠡᠭᠦᠨ ᠤ ᠪᠠᠷᠢᠯᠳᠤᠭᠠᠨ ᠢ |
ᠬᠠᠷᠠᠬᠤ ᠳᠤ ᠪᠡᠶ᠎ᠡ ᠠᠴᠠ ᠪᠠᠨ ᠬᠤᠪᠢ ᠳᠠᠭᠢᠨ ᠭᠦᠨᠳᠤ ᠲᠠᠢ ᠬᠠᠷᠠᠬᠳᠠᠬᠤ ᠭᠠᠶᠢᠬᠠᠮᠰᠢᠬ ᠰᠡᠷᠡᠭᠳᠡᠳᠡᠭ᠃ ᠭᠦᠨᠳᠦᠷᠡᠵᠤ |
ᠬᠠᠷᠠᠬᠳᠠᠬᠤ ᠭᠡᠳᠡᠭ ᠨᠢ ᠳᠡᠭᠦᠨ ᠤ ᠵᠤᠬᠰᠤᠴᠠ ᠶᠢᠨ ᠰᠡᠷᠡᠯᠳᠡ ᠶᠤᠮ᠂ ᠪᠠᠶᠢᠷᠢ ᠰᠠᠶᠢᠳᠠᠢ ᠪᠦᠭᠡ ᠭᠦᠨ ᠵᠤᠬᠰᠤᠵᠤ |
ᠴᠢᠳᠠᠳᠠᠭ᠃ ᠵᠦᠪᠭᠡᠨ ᠭᠦᠨᠳᠤ ᠵᠢᠩ ᠲᠠᠢ ᠭᠦᠮᠦᠨ ᠯᠡ ᠭᠦᠨᠳᠤ ᠬᠠᠷᠠᠬᠳᠠᠭᠠᠳ ᠪᠠᠶᠢᠳᠠᠭ ᠦᠭᠡᠢ ᠶᠢ ᠪᠦᠭᠡ ᠭᠦᠮᠦᠨ |
ᠶᠠᠭᠤ ᠠᠨᠳᠠᠬᠤ ᠪᠢᠯᠡ᠃ ᠡᠶᠢᠮᠤ ᠭᠦᠮᠦᠰ ᠦᠪᠡᠷ ᠤᠨ ᠪᠠᠷᠢᠴᠠᠨ ᠳᠤ ᠪᠠᠨ ᠠᠮᠠᠷᠬᠠᠨ ᠭᠦᠷᠴᠤ ᠭᠦᠮᠦᠨ ᠤ |
ᠪᠠᠷᠢᠴᠠᠨ ᠳᠤ ᠭᠢᠯᠪᠠᠷ ᠦᠷᠳᠦᠳᠡᠭ ᠦᠭᠡᠢ ᠪᠤᠯᠬᠤ ᠪᠠᠷ ᠨᠦᠭᠦᠭᠡ ᠡᠳᠡᠭᠡᠳ ᠢᠶᠠᠨ ᠬᠠᠶᠠᠬᠤ ᠨᠢ ᠢᠯᠡᠭᠦᠦ |
ᠪᠠᠶᠢᠳᠠᠭ᠃ |
ᠵᠠᠷᠢᠮ ᠪᠦᠭᠡ ᠲᠠᠢ ᠪᠠᠷᠢᠯᠳᠤᠬᠤ ᠳᠤ ︽ᠪᠠᠷᠢᠬᠤ ᠳᠤ ᠡᠪ ᠦᠭᠡᠢ︾ ᠵᠡᠷᠭᠡ ᠰᠡᠳᠭᠢᠭᠳᠡᠯ ᠦᠭᠳᠡᠭ ᠨᠢ ᠳᠤᠰ |
ᠪᠦᠭᠡ ᠪᠡᠶ᠎ᠡ ᠪᠠᠨ ᠪᠠᠷᠢᠴᠠᠨ ᠳᠤ ᠡᠪ ᠦᠭᠡᠢ ᠪᠠᠶᠢᠳᠠᠯ ᠳᠤ ᠳᠠᠰᠬᠠᠬᠰᠠᠨ ᠳᠤ ᠪᠠᠶᠢᠭ᠎ᠠ ᠶᠤᠮ᠃ ᠡᠨᠡ ᠨᠢ ᠮᠡᠳᠡᠷᠡᠯ ᠲᠠᠢ |
ᠪᠠᠷᠢᠴᠠᠨ ᠳᠤ ᠳᠠᠰᠬᠠᠬᠰᠠᠨ ᠤ ᠦᠷ᠎ᠡ ᠳᠠᠭᠠᠪᠤᠷᠢ ᠶᠤᠮ᠃ ︽ᠬᠠᠳᠠᠵᠤ ᠪᠠᠷᠢᠬᠤ︾ ᠪᠠᠷᠢᠴᠠ ᠨᠢ ᠶᠡᠷᠦᠩᠭᠡᠢ ᠳᠤ ᠪᠠᠨ |
ᠪᠠᠷᠢᠴᠠᠨ ᠳᠤ ᠳᠠᠰᠬᠠᠬᠰᠠᠨ ᠤ ᠰᠠᠶᠢᠨ ᠳᠤ ᠲᠦᠰᠢᠵᠤ᠂ ᠨᠦᠭᠦᠭᠡ ᠡᠳᠡᠭᠡᠳ ᠢᠶᠠᠨ ᠡᠪ ᠦᠭᠡᠢ ᠪᠠᠶᠢᠳᠠᠯ ᠳᠤ |
ᠤᠷᠤᠭᠤᠯᠵᠤ ᠮᠤᠬᠤᠭᠠᠳᠠᠭ ᠶᠤᠮ᠃ ᠮᠡᠭᠡ ᠲᠠᠢ ᠪᠠᠷᠢᠴᠠ ᠲᠠᠢ ᠪᠦᠭᠡ ᠤᠯᠠᠨ ᠭᠠᠷᠤᠭᠠᠳ ᠪᠠᠶᠢᠬᠤ ᠳᠤ ᠭᠦᠷᠪᠡᠯ |
ᠮᠤᠩᠭᠤᠯ ᠪᠦᠭᠡ ᠶᠢᠨ ᠪᠠᠷᠢᠴᠠ ᠭᠡᠳᠡᠭ ᠠᠢ ᠰᠤᠶᠤᠯ ᠴᠢᠨᠠᠬᠰᠢ ᠠᠭᠢᠵᠤ ᠪᠠᠶᠢᠭ᠎ᠠ ᠶᠢᠨ ᠳᠡᠮᠳᠡᠭ ᠶᠤᠮ᠃ ᠪᠠᠷᠢᠬᠤ ᠳᠤ |
ᠡᠪ ᠦᠭᠡᠢ ᠭᠦᠮᠦᠨ ᠤ ᠪᠠᠷᠢᠴᠠ ᠶᠢ ᠨᠢ ᠬᠠᠷᠢᠭᠤᠯᠬᠤ ᠡᠷᠳᠡᠮ ᠨᠢ ︽ᠪᠠᠷᠢᠴᠠᠨ ᠤ ᠬᠠᠷᠢᠭᠤᠯᠳᠠ︾ ᠪᠤᠯᠤᠨ᠎ᠠ᠃ |
ᠤᠳᠤ ᠶᠢᠨ ᠭᠦᠮᠦᠰ ᠮᠡᠭᠡ ᠮᠡᠷᠭᠡᠵᠢᠯ ᠤᠨ ᠬᠠᠷᠢᠭᠤᠯᠳᠠ ᠭᠡᠪᠡᠯ ᠰᠠᠶᠢᠨ ᠮᠡᠳᠡᠵᠤ᠂ ᠪᠠᠷᠢᠴᠠᠨ ᠤ ᠬᠠᠷᠢᠭᠤᠯᠳᠠ ᠭᠡᠭᠦᠯᠡᠷ |
ᠬᠠᠷᠢᠨ ᠪᠠᠷᠢᠴᠠᠨ ᠤ ᠬᠠᠷᠢᠭᠤᠯᠳᠠ ᠭᠡᠵᠤ ᠶᠠᠭᠤ ᠪᠠᠶᠢᠳᠠᠭ ᠶᠤᠮ ᠭᠡᠵᠤ ᠭᠠᠶᠢᠬᠠᠬᠤ ᠪᠠᠶᠢᠬ᠎ᠠ᠃ ᠦᠨᠡᠨᠳᠡᠭᠡᠨ ᠰᠠᠶᠢᠨ |
ᠪᠦᠭᠡ ᠳᠤ ᠪᠠᠷᠢᠴᠠ ᠵᠠᠳᠠᠯᠬᠤ ᠤᠷ᠎ᠠ ᠤᠬᠠᠭᠠᠨ ᠤᠤᠯ ᠨᠢ ᠪᠤᠯ ᠪᠠᠶᠢᠵᠤ ᠪᠠᠶᠢᠬᠰᠠᠨ ᠶᠤᠮ᠃ ᠤᠳᠤ ᠪᠤᠯ ᠳᠠᠷᠡ ᠨᠢ |
ᠨᠦᠭᠦᠭᠡ ᠡᠳᠡᠭᠡᠳ ᠠᠴᠠ ᠪᠠᠨ ᠠᠭᠢᠭᠤᠬᠠᠨ ᠪᠠᠶᠢᠭ᠎ᠠ ᠳᠤᠭᠢᠶᠠᠯᠳᠤᠯ ᠳᠤ ᠬᠠᠷ᠎ᠠ ᠠᠯᠪᠠ ᠪᠠᠷ ᠨᠦᠭᠦᠭᠡ |
ᠡᠳᠡᠭᠡᠳ ᠤᠨ ᠢᠶᠠᠨ ᠪᠠᠷᠢᠴᠠ ᠶᠢ ᠵᠠᠳᠠᠯᠬᠤ ᠨᠢ ᠤᠯᠠᠨ ᠬᠠᠷᠠᠬᠳᠠᠵᠤ ᠪᠠᠶᠢᠭ᠎ᠠ ᠠᠴᠠ ᠪᠢᠰᠢ ᠶᠠᠮᠠᠷ ᠨᠢᠭᠡᠨ ᠪᠠᠷᠢᠴᠠ ᠶᠢ |
ᠤᠷ᠎ᠠ ᠪᠠᠷ ᠵᠠᠳᠠᠯᠵᠤ ᠪᠤᠢ ᠨᠢ ᠬᠤᠪᠤᠷ ᠬᠠᠷᠠᠬᠳᠠᠵᠤ ᠪᠠᠶᠢᠭ᠎ᠠ ᠨᠢ ᠡᠨᠡ ᠰᠤᠶᠤᠯ ᠤᠨ ᠰᠤᠳᠤᠨ ᠵᠦᠢᠯ ᠲᠠᠶᠠᠭᠳᠠᠵᠤ |
ᠢᠪᠴᠤᠤᠷᠠᠵᠤ ᠪᠤᠢ ᠶᠢ ᠬᠠᠷᠠᠭᠤᠯᠵᠤ ᠪᠠᠶᠢᠭ᠎ᠠ ᠶᠤᠮ᠃ ᠪᠠᠷᠢᠴᠠ ᠶᠢ ᠤᠷ᠎ᠠ ᠪᠠᠷ ᠵᠠᠳᠠᠯᠳᠠᠭ ᠭᠦᠮᠦᠨ ᠦᠪᠡᠷ ᠤᠨ |
ᠪᠠᠷᠢᠴᠠᠨ ᠳᠤ ᠭᠦᠷᠭᠦ ᠪᠤᠯᠤᠮᠵᠢ ᠨᠢ ᠤᠤᠯ ᠠᠴᠠ ᠪᠠᠨ ᠬᠤᠪᠢ ᠳᠠᠭᠢᠨ ᠪᠤᠯᠳᠠᠭ ᠢ ᠪᠦᠭᠡᠴᠢᠳ ᠤᠨ ᠳᠤᠷᠰᠢᠯᠭ᠎ᠠ |
ᠬᠠᠷᠠᠭᠤᠯᠵᠤ ᠪᠠᠶᠢᠨ᠎ᠠ᠃ ᠪᠠᠷᠢᠴᠠ ᠶᠢ ᠤᠷ᠎ᠠ ᠪᠠᠷ ᠵᠠᠳᠠᠯᠵᠤ ᠴᠢᠳᠠᠳᠠᠭ ᠪᠦᠭᠡ ᠪᠤᠰᠤᠳ ᠪᠦᠭᠡ ᠲᠠᠢ ᠪᠠᠨ ᠪᠠᠷᠢᠴᠠ |
ᠪᠤᠯᠢᠶᠠᠯᠳᠤᠬᠤ ᠨᠢ ᠴᠦᠭᠡᠨ ᠪᠠᠶᠢᠵᠤ ᠶᠠᠭᠤ ᠬᠠᠢ ᠦᠭᠡᠢ ᠪᠠᠷᠢᠴᠠᠨ ᠳᠠᠭᠠᠨ ᠭᠦᠷᠭᠦ ᠪᠠᠷ ᠰᠢᠭᠤᠳᠳᠠᠭ ᠨᠢ ᠳᠡᠷᠡ |
ᠪᠤᠰᠤᠳ ᠤᠨ ᠪᠠᠷᠢᠴᠠᠨ ᠠᠴᠠ ᠠᠶᠤᠬᠤ ᠦᠭᠡᠢ ᠪᠠᠶᠢᠭ᠎ᠠ ᠶᠢᠨ ᠢᠯᠡᠷᠡᠯ ᠶᠤᠮ᠃ |
ᠪᠠᠷᠢᠴᠠᠨ ᠳᠤ ᠪᠠᠨ ᠬᠠᠨᠭ᠍ᠭᠠᠯᠳᠠ ᠲᠠᠢ ᠭᠦᠷᠭᠦ ᠳᠤ ᠮᠦᠴᠢ ᠵᠢᠴᠠ ᠳᠤ ᠲᠦᠰᠢᠭᠯᠡᠨ᠎ᠡ᠃ ᠮᠦᠴᠢ ᠵᠢᠴᠠ ᠰᠠᠶᠢᠳᠠᠢ |
ᠪᠦᠭᠡ ᠶᠠᠮᠠᠷ ᠲᠤᠭᠢᠶᠠᠯᠳᠤᠯ ᠳᠤ ᠴᠤ ᠪᠠᠷᠢᠴᠠᠨ ᠳᠤ ᠤᠷᠢᠳᠠᠪᠠᠷ ᠭᠦᠷᠦᠨ᠎ᠡ᠃ ᠵᠢᠴᠠ ᠰᠠᠶᠢᠳᠠᠢ ᠪᠦᠭᠡ ᠶᠡᠷᠦ ᠨᠢ ᠮᠠᠰᠢ |
ᠪᠠᠷᠳᠠᠮ ᠪᠠᠷᠢᠵᠤ ᠪᠠᠶᠢᠬᠤ ᠨᠢ ᠬᠠᠷᠠᠬᠳᠠᠳᠠᠭ᠃ ᠡᠭᠦᠨ ᠤ ᠵᠢᠱᠢᠶ᠎ᠡ ᠨᠢ ᠵᠡᠭᠦᠨ ᠦᠵᠦᠮᠦᠴᠢᠨ ᠬᠤᠰᠢᠭᠤᠨ ᠤ |
ᠪᠠᠶᠠᠷᠪᠠᠭᠠᠳᠤᠷ ᠠᠪᠤᠷᠭᠤ ᠪᠤᠯᠤᠨ ᠠᠷᠤ ᠬᠤᠷᠴᠢᠨ ᠤ ᠮᠦᠡᠭᠭᠡᠳᠦ᠋ᠭᠦᠷᠡᠩ ᠪᠠᠶᠢᠨ᠎ᠠ᠃ ᠡᠳᠡᠭᠡᠷ ᠪᠦᠭᠡᠴᠢᠳ ᠤᠨ ᠮᠦᠴᠢ |
ᠵᠢᠴᠠ ᠭᠦᠮᠤᠨ ᠠᠴᠠ ᠤᠷᠳᠤ ᠪᠠᠶᠢᠵᠤ ᠭᠡᠨ ᠭᠦᠮᠤᠨ ᠠᠴᠠ ᠤᠷᠢᠳᠠᠵᠤ ᠪᠠᠷᠢᠴᠠᠨ ᠳᠤ ᠪᠠᠨ ᠭᠦᠷᠭᠦ ᠪᠤᠶᠤ |
ᠪᠠᠷᠢᠴᠠᠨ ᠳᠤ ᠪᠠᠨ ᠭᠦᠷᠦᠭᠰᠡᠨ ᠭᠦᠮᠤᠨ ᠤ ᠬᠠᠮᠢᠭᠠᠭᠤᠷ ᠨᠢ ᠰᠢᠷᠭᠤᠭᠤᠯᠵᠤ ᠪᠠᠶᠢᠵᠤ ᠦᠭᠡᠷ᠎ᠡ ᠪᠠᠷᠢᠴᠠᠨ ᠳᠤ ᠭᠦᠷᠴᠤ |
ᠪᠠᠶᠢᠳᠠᠭ᠃ ᠡᠶᠢᠮᠤ ᠭᠦᠮᠤᠨ ᠨᠦᠭᠦᠭᠡ ᠲᠠᠯ᠎ᠠ ᠪᠠᠨ ᠪᠠᠷᠢᠴᠠᠨ ᠳᠤ ᠪᠠᠨ ᠭᠦᠷᠭᠦ ᠭᠡᠳᠡᠭ ᠲᠤ ᠨᠢᠭᠡ ᠶᠡᠭᠡ ᠰᠠᠨᠠᠭ᠎ᠠ |
ᠪᠤᠯᠳᠠᠭ ᠦᠭᠡᠢ ᠨᠢ ᠲᠡᠳᠡ ᠶᠠᠮᠠᠷ ᠲᠤᠭᠢᠶᠠᠯᠳᠤᠯ ᠳᠤ ᠴᠤ ᠶᠠᠮᠠᠷ ᠨᠢᠭᠡᠨ ᠪᠠᠷᠢᠴᠠᠨ ᠳᠤ ᠭᠦᠷᠭᠦ ᠬᠠᠨᠭ᠍ᠭᠠᠯᠳᠠ ᠲᠠᠢ |
ᠤᠷᠤᠨ ᠵᠠᠢ ᠪᠠᠶᠢᠬᠤ ᠳᠤ ᠪᠠᠶᠢᠳᠠᠭ᠃ ᠡᠭᠦᠨ ᠳᠤ ᠲᠡᠭᠦᠨ ᠤ ᠤᠷᠳᠤ ᠮᠦᠴᠢ ᠵᠢᠴᠠ ᠦᠢᠯᠡᠴᠢᠯᠡᠭᠦ ᠪᠤᠯᠤᠨ᠎ᠠ᠃ |
ᠭᠡᠭᠦ ᠳᠤ ᠮᠦᠴᠢ ᠵᠢᠴᠠ ᠠᠪᠰᠠᠷᠬᠠᠨ ᠭᠦᠮᠤᠰ ᠴᠤ ᠪᠠᠷᠢᠴᠠᠨ ᠳᠤ ᠱᠠᠯᠠᠮᠠᠭ ᠵᠠᠭᠤᠯᠳᠠ ᠲᠠᠢ ᠭᠦᠷᠴᠤ ᠪᠤᠯᠬᠤ ᠭᠡᠳᠡᠭ ᠢ |
ᠠᠪᠠᠭ᠎ᠠ ᠨᠤᠳᠤᠭ ᠲᠠᠢ ᠰᠠᠶᠢᠨᠵᠠᠶᠠᠭ᠎ᠠ ᠬᠠᠷᠠᠭᠤᠯᠵᠤ ᠪᠠᠶᠢᠨ᠎ᠠ᠃ ᠶᠡᠷᠤ ᠨᠢ ᠰᠠᠶᠢᠨᠵᠠᠶᠠᠭ᠎ᠠ ᠶᠢᠨ ᠪᠠᠷᠢᠴᠠ |
ᠵᠠᠭᠤᠯᠳᠠ ᠲᠠᠢ ᠬᠠᠷᠠᠭᠳᠠᠳᠠᠭ ᠨᠢ ᠲᠡᠭᠦᠨ ᠳᠤ ᠮᠠᠰᠢ ᠶᠡᠭᠡ ᠰᠡᠳᠭᠢᠯ ᠤᠨ ᠲᠤᠰᠠ ᠲᠡᠮ ᠪᠤᠯᠳᠠᠭ ᠰᠢᠬ ᠦᠵᠡᠭᠳᠡᠨ᠎ᠡ᠃ |
ᠶᠠᠮᠠᠷ ᠴᠤ ᠦᠶ᠎ᠡ ᠳᠤ ᠪᠦᠭᠦ ᠵᠦᠢᠯ ᠬᠠᠨᠭ᠍ᠭᠠᠯᠳᠠ ᠲᠠᠢ ᠰᠠᠶᠢᠨ ᠪᠡᠯᠡᠳᠭᠡᠯ ᠳᠤ ᠤᠷᠤᠰᠢᠬᠤ ᠦᠶ᠎ᠡ ᠪᠦᠭᠡ ᠭᠦᠮᠤᠨ ᠤ |
ᠨᠢᠭᠤᠷ ᠴᠢᠷᠠᠢ ᠳᠤ ᠯᠠᠪ ᠲᠦᠯᠤᠪ ᠬᠠᠷᠠᠭᠳᠠᠵᠤ ᠪᠠᠷᠢᠴᠠ ᠵᠠᠭᠤᠭᠳᠠᠨ᠂ ᠵᠤᠭᠰᠤᠴᠠ ᠯᠠᠪᠰᠢᠷᠠᠵᠤ᠂ ᠲᠤᠨᠤᠭ᠎ᠠ ᠲᠠᠢ |
ᠪᠠᠷᠢᠯᠳᠤᠬᠤ ᠳᠤ ᠭᠦᠷᠴᠤ ᠴᠢᠳᠠᠳᠠᠭ᠃ |
ᠪᠠᠷᠢᠴᠠ ᠠᠯᠳᠠᠷᠠᠬᠤ ᠦᠭᠡᠢ ᠴᠢᠩᠭᠠᠷᠠᠭᠤᠯᠬᠤ ᠪᠦᠭᠡ ᠤᠳᠤ ᠬᠤᠪᠤᠷ ᠪᠠᠶᠢᠨ᠎ᠠ᠃ ᠡᠨᠡ ᠨᠢ ᠪᠦᠭᠡ ᠭᠦᠮᠤᠨ ᠤ |
ᠲᠡᠰᠪᠤᠷᠢ᠂ ᠲᠠᠭᠠᠭᠠᠴᠠ᠂ ᠰᠡᠳᠭᠢᠯ ᠤᠨ ᠪᠠᠭᠳᠠᠭᠠᠮᠵᠢ᠂ ᠲᠠᠷ ᠤᠨ ᠨᠦᠭᠡᠴᠡ ᠵᠡᠷᠭᠡ ᠪᠠᠨ ᠭᠦᠢᠴᠡᠳ |
ᠲᠠᠶᠢᠴᠢᠯᠠᠭᠰᠠᠨ ᠤ ᠤᠷ᠎ᠠ ᠲᠠᠭᠠᠪᠤᠷᠢ ᠶᠤᠮ᠃ ᠳᠡᠭᠡᠷ᠎ᠡ ᠵᠠᠭᠤᠨ ᠤ ᠡᠭᠢᠨ ᠤ ᠦᠶ᠎ᠡ ᠪᠠᠷ ᠠᠮᠢᠳᠤᠷᠠᠵᠤ ᠪᠠᠶᠢᠭᠰᠠᠨ ᠠᠷᠤ |
ᠤᠷᠢᠶᠠᠩᠬᠠᠢ ᠶᠢᠨ ᠠᠯᠳᠠᠷᠳᠤ ᠪᠦᠭᠡ ᠢᠳᠰᠢᠬᠠᠤᠷᠯᠤ ︵ᠭᠦᠷᠦᠩᠭᠦᠤ ᠭᠡᠮᠡᠨ ᠠᠯᠳᠠᠷᠰᠢᠪᠠ︶ ᠰᠤᠯᠤᠭᠠᠢ ᠪᠠᠷᠢᠴᠠ ᠲᠠᠢ |
ᠪᠦᠭᠡᠳ ᠪᠠᠷᠢᠴᠠ ᠠᠯᠳᠠᠷᠠᠳᠠᠭ ᠦᠭᠡᠢ ᠰᠠᠶᠢᠨ ᠪᠦᠭᠡ ᠪᠠᠶᠢᠭᠰᠠᠨ ᠭᠡᠳᠡᠭ᠃ ᠲᠡᠷᠡ ᠨᠢᠭᠡ ᠪᠠᠷᠢᠴᠠᠨ ᠳᠤ ᠪᠠᠨ |
ᠭᠦᠷᠳᠡᠭ ᠯᠡ ᠪᠤᠯ ᠶᠠᠮᠠᠷ ᠭᠦᠴᠦᠳᠡᠡ ᠴᠤ ᠲᠡᠭᠦᠨ ᠤ ᠪᠠᠷᠢᠴᠠ ᠶᠢ ᠠᠯᠳᠠᠷᠭᠠᠵᠤ ᠲᠡᠶᠢᠯᠳᠡᠭ ᠦᠭᠡᠢ ᠭᠡᠳᠡᠭ |
ᠤᠯᠠᠮᠵᠢᠯᠠᠯ ᠶᠠᠷᠢᠶ᠎ᠠ ᠪᠠᠶᠢᠳᠠᠭ᠃ ᠤᠷᠢᠳᠤ ᠵᠡᠭᠦᠨ ᠭᠤᠪᠢ ᠶᠢᠨ ︽ᠠᠯᠳᠠᠨ ᠤᠪᠤᠭ᠎ᠠ︾ ᠶᠢᠨ ᠨᠠᠶᠢᠷ ᠢᠶᠠᠷ |
ᠪᠠᠷᠢᠯᠳᠤᠵᠤ ᠪᠠᠶᠢᠬᠤ ᠳᠤ ᠪᠠᠨ ᠪᠠᠷᠢᠴᠠ ᠪᠠᠨ ᠭᠡᠳᠤ ᠰᠢᠭᠢᠰᠭᠡᠭᠰᠡᠨ ᠠᠴᠠ ᠪᠤᠯᠵᠤ ᠪᠦᠭᠡ ᠪᠠᠨ ᠬᠠᠶᠠᠴᠢᠬᠠᠭᠠᠳ |
ᠪᠠᠷᠢᠴᠠ ᠪᠠᠨ ᠰᠤᠯᠠᠯᠠᠬᠤ ᠭᠡᠰᠡᠨ ᠳᠤ ᠭᠠᠷ ᠨᠢ ᠭᠦᠰᠢᠵᠤ ᠭᠠᠷ ᠢᠶᠠᠨ ᠰᠤᠯᠠᠯᠠᠵᠤ ᠲᠡᠶᠢᠯᠭᠦ ᠦᠭᠡᠢ ᠭᠦᠮᠤᠨ ᠤᠴᠢᠵᠤ |
ᠰᠠᠯᠭᠠᠵᠤ ᠪᠠᠶᠢᠯ᠎ᠠ ᠴᠤ ᠭᠡᠳᠡᠭ᠃ ᠡᠭᠦᠨ ᠠᠴᠠ ᠦᠵᠡᠪᠡᠯ ᠪᠦᠷ ᠰᠠᠶᠢᠨ ︽ᠪᠠᠷᠢᠴᠠ ᠬᠠᠳᠠᠭᠠᠬᠤ︾ ᠭᠡᠳᠡᠭ |
ᠤᠬᠠᠭᠳᠠᠬᠤᠨ ᠤᠰᠠᠳᠴᠤ ᠪᠠᠶᠢᠨ ᠪᠠᠶᠢᠨ ᠪᠠᠷᠢᠴᠠ ᠰᠤᠯᠢᠭᠠᠳ ᠲᠤᠭᠯᠠᠵᠤ ᠪᠠᠶᠢᠭ᠎ᠠ ᠭᠡᠤᠭᠡᠳ ᠰᠢᠭ ᠵᠠᠭᠤᠷᠠᠯᠳᠤᠳᠠᠭ |
ᠲᠡᠭᠦᠤᠨᠡᠷ ᠤᠯᠠᠨ ᠬᠠᠷᠠᠭᠳᠠᠬᠤ ᠪᠤᠯᠵᠠᠢ᠃ ᠡᠨᠡ ᠪᠤᠯ ᠪᠦᠭᠡᠴᠢᠳ ᠪᠠᠷᠢᠴᠠ ᠭᠡᠳᠡᠭ ᠲᠤᠷᠭᠠᠨ ᠵᠦᠢᠯ ᠢᠶᠠᠨ ᠰᠡᠭᠡᠭᠡ |
ᠦᠭᠡᠢ ᠪᠠᠶᠢᠭ᠎ᠠ ᠶᠢᠨ ᠢᠯᠡᠷᠡᠯ ᠪᠤᠶᠤ ᠡᠰᠡᠭᠦᠯ᠎ᠡ ᠰᠡᠳᠭᠢᠯ ᠤᠨ ᠰᠡᠭᠡᠭᠡ᠂ ᠮᠠᠬᠠᠪᠤᠳ ᠤᠨ ᠲᠠᠷ ᠨᠢ ᠭᠦᠷᠭᠦ ᠪᠠᠨ |
ᠪᠠᠶᠢᠭᠰᠠᠨ ᠤ ᠢᠯᠡᠷᠡᠯ ᠪᠤᠯᠤᠨ᠎ᠠ᠃ ᠶᠠᠭᠤ ᠪᠤᠯᠤᠭᠰᠠᠨ ᠴᠤ ︽ᠪᠠᠷᠢᠴᠠ ᠬᠠᠳᠠᠭᠠᠬᠤ︾ ᠭᠦᠮᠤᠨ ᠨᠠᠶᠢᠷ ᠢᠶᠠᠷ |
ᠬᠠᠷᠠᠭᠳᠠᠬᠤ ᠨᠢ ᠴᠦᠭᠡᠨ ᠪᠤᠯᠤᠬᠰᠠᠨ ᠪᠦᠭᠡᠳ ᠡᠭᠦᠨ ᠠᠴᠠ ᠪᠠᠨ ᠪᠦᠷ ᠴᠢᠨᠠᠭᠰᠢᠯᠠᠵᠤ ᠪᠠᠷᠢᠴᠠ ᠪᠠᠷᠢᠬᠤ ᠦᠭᠡᠢ |
ᠲᠤᠭᠤᠷᠢᠵᠤ ᠲᠠᠭᠤᠯᠴᠠᠭᠠᠳ ᠴᠠᠭᠠᠷᠢᠭ ᠲᠤ ᠤᠷᠤᠳᠠᠭ ᠪᠦᠭᠡ ᠢᠯᠡᠳᠳᠡ ᠤᠯᠠᠰᠢᠷᠠᠪᠠ᠃ ᠡᠨᠡ ᠨᠢ ᠴᠠᠭᠠᠷᠢᠭ ᠭᠡᠳᠡᠭ |
ᠵᠦᠢᠯ ᠮᠤᠩᠭᠤᠯ ᠪᠦᠭᠡ ᠳᠤ ᠠᠯᠪᠠᠨ ᠶᠤᠰᠤᠭᠠᠷ ᠤᠷᠤᠵᠤ ᠢᠷᠡᠭᠰᠡᠨ ᠠᠴᠠ ᠬᠤᠶᠢᠰᠢ ᠭᠠᠵᠠᠷ ᠠᠪᠤᠭᠰᠠᠨ ᠶᠤᠮ᠃ |
ᠲᠡᠭᠡᠭᠡᠳ ᠦᠪᠡᠷᠳᠡᠭᠡᠨ ᠲᠠᠷ ᠭᠦᠴᠤ᠂ ᠤᠬᠠᠭᠠᠨ ᠰᠡᠭᠡᠭᠡᠨ ᠳᠤ ᠪᠠᠨ ᠲᠦᠰᠢᠵᠤ ᠪᠠᠷᠢᠴᠠ ᠪᠠᠨ ᠤᠯᠳᠠᠭ ᠮᠤᠩᠭᠤᠯ |
ᠪᠦᠭᠡ ᠤᠳᠤ ᠪᠤᠯᠬᠤ ᠪᠠᠷ ᠴᠠᠭ ᠢ ᠨᠢ ᠲᠤᠯᠭᠠᠵᠤ ᠴᠠᠭᠠᠷᠢᠭ ᠲᠤ ᠤᠷᠤᠭᠠᠳ ᠬᠠᠷ ᠠ ᠶᠢᠨ ᠠᠯᠪᠠ ᠪᠠᠷ ᠰᠠᠶᠢᠨ ᠭᠡᠭᠴᠢ |
ᠪᠠᠷᠢᠵᠤ ᠪᠠᠶᠢᠵᠤ ᠰᠢᠳᠦᠭᠦ ᠳᠤ ᠭᠦᠷᠦᠭᠦᠯᠦᠭᠰᠡᠨ ᠠᠴᠠ ᠪᠦᠭᠡ ᠶᠢᠨ ︽ᠪᠠᠷᠢᠴᠠ ᠪᠤᠯᠢᠶᠠᠯᠳᠤᠬᠤ︾᠂ ︽ᠪᠠᠷᠢᠴᠠ |
ᠬᠠᠳᠠᠭᠠᠬᠤ︾᠂ ︽ᠪᠠᠷᠢᠴᠠ ᠰᠢᠭᠢᠰᠭᠡᠭᠦ︾᠂ ︽ᠪᠠᠷᠢᠴᠠ ᠵᠠᠳᠠᠯᠬᠤ︾᠂ ︽ᠪᠠᠷᠢᠴᠠ ᠬᠠᠷᠢᠭᠤᠯᠬᠤ︾ ᠵᠡᠷᠭᠡ |
ᠮᠤᠩᠭᠤᠯ ᠪᠦᠭᠡ ᠶᠢᠨ ᠤᠷ᠎ᠠ ᠠᠯᠠᠭ᠎ᠠ ᠪᠤᠯᠤᠭᠠᠳ ᠪᠠᠶᠢᠭ᠎ᠠ ᠨᠢ ᠦᠨᠡᠭᠡᠷ ᠬᠠᠷᠠᠰᠮᠠᠷ ᠡ᠃ ︽ᠪᠠᠷᠢᠴᠠ ᠪᠤᠯᠢᠶᠠᠯᠳᠤᠬᠤ︾ |
ᠭᠡᠳᠡᠭ ᠢ ᠤᠳᠤ ᠪᠠᠷᠢᠴᠠᠨ ᠳᠤ ᠨᠢ ᠭᠦᠷᠭᠡᠭᠦ ᠦᠭᠡᠢ ᠶᠢᠨ ᠲᠦᠯᠦᠭᠡᠨ ᠤ ᠠᠷᠭ᠎ᠠ ᠪᠠᠷ ᠠᠰᠢᠭᠯᠠᠵᠤ᠂ ᠬᠠᠷᠢᠨ |
ᠲᠡᠭᠦᠨ ᠢ ᠪᠠᠷᠢᠴᠠᠨ ᠳᠤ ᠪᠠᠨ ᠭᠦᠷᠭᠦ ᠵᠠᠮ ᠮᠦᠷ ᠢᠶᠠᠷ ᠦᠵᠡᠵᠤ ︽ᠪᠠᠷᠢᠴᠠ ᠪᠤᠯᠢᠶᠠᠯᠳᠤᠬᠤ︾ ᠶᠢᠨ ᠲᠤᠮᠳᠠ |
ᠤᠬᠠᠮᠰᠠᠷᠳᠤ ᠪᠠᠶᠢᠳᠠᠯ ᠳᠤ ᠦᠪᠡᠷ ᠢ ᠪᠠᠨ ᠤᠷᠤᠭᠤᠯᠬᠤ ᠭᠡᠯᠪᠡᠷᠢ ᠨᠢ ᠲᠠᠶᠠᠬᠳᠠᠭᠠᠳ ᠪᠠᠶᠢᠨ᠎ᠠ᠃ ᠮᠤᠩᠭᠤᠯ |
ᠪᠦᠭᠡ ᠶᠢᠨ ︽ᠪᠠᠷᠢᠴᠠ ᠪᠤᠯᠢᠶᠠᠯᠳᠤᠬᠤ︾ ᠭᠡᠳᠡᠭ ᠴᠢᠨᠢ ᠵᠢᠩᠭᠢᠨᠢ ᠤᠳᠬ᠎ᠠ ᠶᠢᠨ ᠪᠠᠷᠢᠯᠳᠤᠭᠠᠨ ᠤ ᠠᠩᠬᠠᠨ ᠤ ᠲᠠᠶᠢᠨ |
ᠪᠠᠶᠢᠭ᠎ᠠ ᠶᠤᠮ ᠰᠢᠤ ᠳ᠋ᠠ ᠪᠦᠭᠡᠴᠢᠳ ᠮᠢᠨᠢ︕ ᠪᠠᠷᠢᠴᠠ ᠪᠤᠯᠢᠶᠠᠯᠳᠤᠬᠤ ᠶᠢᠨ ᠲᠤᠮᠳᠠ ᠯᠠ ᠦᠪᠡᠷ ᠤᠨ |
ᠲᠠᠪᠠᠭᠤᠯᠢᠭ ᠲᠤ ᠪᠠᠨ ᠭᠦᠷᠴᠤ᠂ ᠪᠠᠷᠢᠴᠠᠨ ᠳᠤ ᠪᠠᠨ ᠭᠦᠷᠴᠤ ᠨᠦᠭᠦᠭᠡ ᠡᠳᠡᠭᠡᠳ ᠢᠶᠠᠨ ᠢᠯᠠᠬᠤ ᠳᠤ ᠭᠦᠷᠭᠦ |
ᠪᠤᠯᠤᠨ᠎ᠠ᠃ |
ᠪᠠᠷᠢᠴᠠ ᠮᠡᠭᠡ ᠬᠤᠶᠠᠷ ᠪᠤᠯ ᠬᠤᠤᠰᠯᠠᠨ ᠠᠵᠢᠯᠯᠠᠳᠠᠭ ᠵᠦᠢᠯ ᠶᠤᠮ᠃ ᠬᠠᠷᠠᠭᠠᠳ ᠪᠠᠶᠢᠬᠤ ᠳᠤ |
ᠪᠠᠷᠢᠴᠠᠨ ᠳᠤ ᠪᠠᠨ ᠪᠦᠭᠦᠯᠢ ᠭᠦᠷᠦᠭᠰᠡᠨ ᠭᠦᠮᠤᠨ ᠨᠢ ᠮᠡᠭᠡ ᠪᠠᠨ ᠲᠦᠭᠦᠷᠭᠡᠵᠤ ᠴᠢᠳᠠᠬᠤ ᠦᠭᠡᠢ᠃ ᠮᠡᠭᠡ ᠪᠠᠨ ᠭᠢᠵᠤ |
ᠪᠠᠶᠢᠭ᠎ᠠ ᠪᠤᠯᠪᠠᠴᠤ ᠪᠠᠷᠢᠴᠠᠨ ᠳᠤ ᠪᠠᠨ ᠭᠦᠢᠴᠡᠳ ᠭᠦᠷᠴᠤ ᠴᠢᠳᠠᠭ᠎ᠠ ᠦᠭᠡᠢ ᠰᠤᠨᠢᠨ ᠪᠠᠷᠢᠯᠳᠤᠭᠠᠨ ᠤᠯᠠᠨ ᠭᠠᠷᠴᠤ |
ᠪᠠᠶᠢᠨ᠎ᠠ᠃ ᠡᠨᠡ ᠪᠤᠯ ᠪᠦᠭᠡ ᠭᠦᠮᠤᠨ ᠤ ᠪᠡᠶ᠎ᠡ ᠳᠤ ᠪᠠᠶᠢᠵᠤ ᠪᠤᠯᠤᠮ᠎ᠠ ᠦᠭᠡᠢ ᠬᠠᠶᠢᠡᠭᠭᠤ ᠵᠠᠩ ᠶᠤᠮ᠃ ᠡᠶᠢᠮᠤ |
ᠪᠠᠷᠢᠯᠳᠤᠭᠠᠨ ᠦᠵᠡᠮᠤᠷᠢ ᠦᠭᠡᠢ ᠪᠠᠶᠢᠵᠤ᠂ ᠬᠠᠨᠭ᠍ᠭᠠᠢ ᠵᠠᠶᠢᠳᠠᠩ ᠬᠠᠷᠠᠭᠳᠠᠵᠤ ᠶᠠᠭ ᠯᠠ ᠦᠭᠡᠷ᠎ᠡ ᠦᠨᠳᠤᠰᠤᠳᠡᠨ ᠤ |
ᠪᠦᠭᠡ ᠶᠢ ᠰᠤᠨᠢᠷᠬᠠᠵᠤ ᠪᠠᠶᠢᠭ᠎ᠠ ᠰᠢᠬ ᠲᠦᠷᠦᠭᠳᠡᠯ ᠤᠷᠤᠳᠠᠭ ᠨᠢ ᠮᠤᠩᠭᠤᠯ ᠪᠦᠭᠡ ᠶᠢᠨ ᠤᠬᠤᠷᠢᠯ ᠶᠤᠮ᠃ ᠶᠡᠷᠤ ᠨᠢ |
ᠪᠠᠷᠢᠴᠠᠨ ᠳᠤ ᠪᠠᠨ ᠭᠦᠢᠴᠡᠳ ᠭᠦᠷᠴᠤ ᠮᠡᠭᠡ ᠪᠠᠨ ᠭᠦᠢᠴᠡᠳ ᠲᠦᠭᠦᠷᠭᠡᠵᠤ ᠪᠠᠶᠢᠭ᠎ᠠ ᠪᠦᠭᠡ ᠬᠤᠪᠤᠷ |
ᠪᠤᠯᠤᠬᠰᠠᠨ ᠠᠴᠠ ᠨᠠᠶᠢᠷ ᠤᠨ ᠦᠡᠭᠭᠡ ᠭᠡᠶᠢᠮᠦᠷᠢ ᠳᠠᠷᠤᠬᠳᠠᠳᠠᠭ᠃ |
ᠪᠦᠭᠡ ᠪᠠᠷᠢᠯᠳᠤᠬᠤ ᠲᠤᠭᠢᠶᠠᠯᠳᠤᠯ ᠳᠤ ᠪᠦᠭᠡᠴᠢᠳ ᠪᠠᠷᠢᠵᠤ ᠪᠠᠶᠢᠬᠤ ᠨᠢ ᠲᠡᠷᠢᠭᠦᠨ ᠵᠦᠢᠯ ᠪᠤᠯᠬᠤ ᠪᠠᠷ ᠪᠠᠷᠢᠴᠠ |
ᠭᠡᠳᠡᠭ ᠵᠦᠢᠯ ᠨᠢ ᠮᠤᠩᠭᠤᠯ ᠪᠦᠭᠡ ᠶᠢᠨ ᠪᠠᠷᠢᠯᠳᠤᠬᠤ ᠠᠴᠠ ᠠᠪᠤᠭᠠᠳ ᠬᠠᠶᠠᠵᠤ ᠤᠢᠢᠴᠢᠬᠤ ᠭᠦᠷᠳᠡᠯ᠎ᠡ ᠵᠦᠡᠭᠳᠡᠭᠡᠨ |
ᠠᠰᠢᠭᠯᠠᠭᠳᠠᠵᠤ ᠪᠠᠶᠢᠳᠠᠭ᠃ ᠪᠠᠷᠢᠴᠠ ᠦᠭᠡᠢ ᠪᠠᠷ ᠪᠦᠭᠡ ᠭᠡᠷᠭᠢᠨ ᠪᠠᠷᠢᠯᠳᠤᠬᠤ ᠪᠢᠯᠡ︖ ᠰᠠᠶᠢᠨ ᠪᠠᠷᠢᠴᠠ |
ᠦᠭᠡᠢ ᠪᠠᠷ ᠭᠡᠷᠭᠢᠨ ᠬᠠᠶᠠᠬᠤ ᠪᠢᠯᠡ︖ ᠢᠡᠭᠭᠢᠵᠤ ᠪᠤᠳᠤᠪᠠᠯ ᠪᠠᠷᠢᠴᠠ ᠶᠠᠮᠠᠷᠬᠠᠨ ᠭᠡᠷᠡᠭᠳᠡᠢ ᠭᠡᠳᠡᠭ ᠢ ᠪᠦᠭᠦᠳᠡ |
ᠠᠨᠳᠠᠬᠤ ᠦᠭᠡᠢ ᠪᠤᠯᠤᠨ᠎ᠠ᠃ |
|