ᠪᠡᠯᠭᠦᠳᠡᠢ ᠪᠠᠯᠭᠠᠰᠣᠨ ᠤ ᠠᠯᠳᠠᠨᠬᠠᠩᠭᠠᠢ ᠭᠠᠴᠠᠭᠠᠨ ᠤ ᠵᠦᠯᠭᠡ ᠨᠤᠭᠤᠭᠠᠨ ᠳᠠᠪᠵᠢᠶᠡᠨ ᠲᠡᠭᠡᠷ᠎ᠡ ᠠᠪᠠᠭ᠎ᠠ |
ᠬᠤᠰᠢᠭᠤᠨ ᠤ 2023 ᠣᠨ ᠤ ︽ᠪᠡᠯᠭᠦᠳᠡᠢ︾ ᠬᠤᠨᠳᠠᠭᠠᠲᠤ ᠮᠤᠩᠭᠤᠯ ᠪᠦᠬᠡ ᠶᠢᠨ ᠪᠠᠭ ᠨᠢᠭᠡᠴᠢ ᠶᠢᠨ |
ᠪᠠᠷᠢᠯᠳᠤᠭᠠᠨ ᠵᠢᠴᠢ ᠮᠤᠩᠭᠤᠯ ᠪᠦᠬᠡ ᠶᠢᠨ ᠠᠪᠠᠭ᠎ᠠ ᠮᠠᠶ᠋ᠢᠭ ᠤᠨ ᠤᠷᠤᠯᠳᠤᠭᠠᠨ ᠶᠠᠪᠤᠭᠳᠠᠭᠰᠠᠨ ᠪᠠᠶᠢᠨ᠎ᠠ᠃ |
1981 ᠣᠨ ᠳᠤ ᠠᠪᠠᠭ᠎ᠠ ᠨᠣᠳᠤᠭ ᠤᠨ ᠲᠥᠮᠡᠨ ᠤ ᠰᠤᠶᠤᠷᠬᠠᠯᠲᠤ ᠠᠪᠤᠷᠭᠤ ᠨᠠᠶᠢᠲᠠᠨ ᠵᠤᠬᠢᠶᠠᠨ |
ᠪᠠᠶᠢᠭᠤᠯᠤᠨ ᠶᠠᠪᠤᠭᠳᠠᠭᠤᠯᠵᠤ ᠪᠠᠶᠢᠭᠰᠠᠨ ᠪᠠᠭ ᠨᠢᠭᠡᠴᠢ ᠶᠢᠨ ᠪᠠᠷᠢᠯᠳᠤᠭᠠᠨ ᠢ ᠨᠢᠳᠤᠨᠤᠨ ᠠᠴᠠ ᠠᠪᠠᠭ᠎ᠠ |
ᠬᠤᠰᠢᠭᠤᠨ ᠤ ︽ᠪᠡᠯᠭᠦᠳᠡᠢ︾ ᠪᠦᠬᠡ ᠶᠢᠨ ᠨᠡᠶᠢᠭᠡᠮᠯᠢᠭ ᠠᠴᠠ ᠦᠷᠭᠦᠯᠵᠢᠯᠡᠨ ᠰᠡᠷᠭᠦᠭᠡᠵᠦ ᠶᠠᠪᠤᠭᠳᠠᠭᠤᠯᠤᠭᠰᠠᠨ |
ᠪᠢᠯᠡ᠃ ᠪᠠᠭ ᠨᠢᠭᠡᠴᠢ ᠶᠢᠨ ᠪᠠᠷᠢᠯᠳᠤᠭᠠᠨ ᠳᠤ ᠨᠠᠷᠠᠨᠪᠣᠯᠠᠭ ᠰᠤᠮᠤ ᠲᠡᠷᠢᠭᠦᠯᠡᠵᠦ᠂ ᠶᠡᠬᠡᠭᠤᠣᠯ ᠰᠣᠮᠣ ᠳᠡᠳ᠋ᠯᠡᠨ᠂ |
ᠪᠡᠯᠭᠦᠳᠡᠢ ᠪᠠᠯᠭᠠᠰᠤ᠂ ᠴᠠᠭᠠᠨᠨᠠᠭᠤᠷ ᠪᠠᠯᠭᠠᠰᠣᠨ ᠤ ᠪᠠᠭ ᠲᠤᠰ ᠲᠤᠰ ᠭᠤᠷᠪᠠ ᠲᠥᠷᠪᠡ ᠳᠤ ᠲᠤᠳᠤᠷᠠᠵᠠᠢ᠃ ᠵᠠᠩᠭᠢᠶ᠎ᠠ |
ᠦᠭᠡᠢ 32 ᠵᠠᠯᠠᠭᠤ ᠪᠦᠬᠡᠴᠤᠳ ᠤᠨ ᠪᠠᠷᠢᠯᠳᠤᠭᠠᠨ ᠳᠤ ᠪᠠᠶᠠᠨᠳᠤᠭ ᠰᠤᠮᠤᠨ ᠤ ᠭᠠᠨᠳᠢᠭ 5 ᠳᠠᠪᠠᠨ ᠲᠡᠷᠢᠭᠦᠯᠡᠵᠦ᠂ |
ᠨᠠᠷᠠᠨᠪᠣᠯᠠᠭ ᠰᠣᠮᠣᠨ ᠤ ᠰᠤᠪᠤᠷᠭ᠎ᠠ ᠳᠡᠳ᠋ᠯᠡᠨ᠂ ᠴᠠᠭᠠᠨᠨᠠᠭᠤᠷ ᠪᠠᠯᠭᠠᠰᠤᠨ ᠤ ᠲᠥᠭᠦᠷᠠᠩᠭᠠ᠂ ᠶᠡᠬᠡᠭᠤᠣᠯ ᠰᠣᠮᠣᠨ ᠤ |
ᠨᠠᠶᠢᠷᠰᠠᠭ ᠲᠤᠰ ᠲᠤᠰ ᠲᠡᠭᠡᠲᠦ ᠲᠥᠷᠪᠡ ᠳᠤ ᠳᠡᠪᠢᠵᠡᠢ᠃ 16 ᠬᠤᠣᠰ ᠰᠢᠯᠢᠳᠡᠭ ᠪᠦᠬᠡ ᠶᠢᠨ ᠪᠠᠷᠢᠯᠳᠤᠭᠠᠨ ᠳᠤ |
ᠴᠠᠭᠠᠨᠨᠠᠭᠤᠷ ᠪᠠᠯᠠᠭᠠᠰᠣᠨ ᠤ ᠴᠠᠶᠢᠯᠭᠠᠨ ᠲᠡᠷᠢᠭᠦᠯᠡᠵᠦ᠂ ᠠᠶᠢᠮᠠᠭ ᠤᠨ ᠬᠠᠷᠴᠠᠭᠠᠢ ᠪᠡᠯᠭᠦᠳᠡᠢ ᠶᠢᠨ ᠠᠯᠳᠠᠨᠳᠣᠭᠤᠯᠭᠠ |
ᠳᠡᠳ᠋ᠯᠡᠨ᠂ ᠠᠶᠢᠮᠠᠭ ᠤᠨ ᠨᠠᠴᠢᠨ ᠪᠡᠯᠭᠦᠳᠡᠢ ᠶᠢᠨ ᠠᠮᠢᠨᠪᠦ᠋ᠬᠡ᠂ ᠪᠠᠶᠠᠨᠳᠤᠭ ᠤᠨ ᠭᠠᠨᠳᠢᠭ ᠲᠤᠰ ᠲᠤᠰ ᠲᠡᠭᠡᠲᠦ |
ᠲᠥᠷᠪᠡ ᠳᠤ ᠳᠡᠪᠢᠵᠤ᠂ ᠲᠤᠬᠤᠮ ᠤᠨ ᠪᠠᠷᠢᠯᠳᠤᠭᠠᠨ ᠳᠤ ᠪᠠᠶᠠᠨᠳᠤᠭ ᠤᠨ ᠪᠤᠯᠠᠭ ᠲᠡᠷᠢᠭᠦᠯᠡᠵᠦ᠂ ᠪᠡᠯᠭᠦᠳᠡᠢ ᠶᠢᠨ |
ᠳᠠᠪᠰᠢᠯᠲᠠ ᠳᠡᠳ᠋ᠯᠡᠨ᠂ ᠴᠠᠭᠠᠨᠨᠠᠭᠤᠷ ᠤᠨ ᠳᠤᠷᠠᠰᠬᠠᠯ᠂ ᠪᠡᠯᠭᠦᠳᠡᠢ ᠶᠢᠨ ᠲᠥᠭᠦᠷᠠᠩᠭᠠ ᠲᠤᠰ ᠲᠤᠰ ᠲᠡᠭᠡᠲᠦ |
ᠲᠥᠷᠪᠡ ᠳᠤ ᠳᠡᠪᠢᠭᠰᠡᠨ ᠪᠠᠶᠢᠨ᠎ᠠ᠃ ᠡᠭᠦᠨ ᠤ ᠬᠠᠮᠲᠤ ᠵᠢᠷᠭᠠᠯᠠᠩᠲᠤ ᠰᠤᠮᠤ᠂ ᠪᠠᠶᠠᠨᠳᠤᠭ ᠰᠤᠮᠤ᠂ ᠬᠤᠩᠭᠤᠷᠭᠤᠣᠯ |
ᠪᠠᠯᠭᠠᠰᠤ ᠶᠢ ᠲᠤᠰ ᠲᠤᠰ ᠰᠢᠯᠢᠳᠡᠭ ᠵᠤᠬᠢᠶᠠᠨ ᠪᠠᠶᠢᠭᠤᠯᠤᠭᠴᠢ᠂ ᠰᠢᠯᠢᠳᠡᠭ ᠳᠠᠶᠢᠴᠢᠯᠠᠭᠴᠢ᠂ ᠪᠣᠯᠪᠠᠰᠤᠨ |
ᠨᠢᠭᠡᠴᠢ ᠪᠠᠷ ᠱᠠᠩᠨᠠᠨ ᠤᠷᠮᠠᠰᠢᠭᠤᠯᠵᠠᠢ᠃ |