1. ᠵᠢᠷᠠᠨ ᠤᠷᠭᠢᠵᠤ ᠲᠤᠭᠯᠠᠬᠤ᠄ᠵᠢᠷᠠᠨ ᠱᠠᠭ᠎ᠠ ᠶᠢ ᠲᠤᠰᠬᠠᠢ ᠪᠡᠯᠡᠳᠭᠡᠭᠰᠡᠨ ᠠᠮᠠ ᠲᠥᠷᠪᠡᠯᠵᠢᠨ ᠵᠢᠵᠢᠭ |
ᠠᠷᠠᠰᠤᠨ ᠲᠠᠭᠡᠷ᠎ᠠ ᠤᠷᠭᠢᠵᠥ᠂ ᠢᠵᠢᠯ ᠲᠥᠷᠰᠤ ᠪᠠᠷ ᠨᠢ ᠨᠢᠰᠠᠯᠤᠨ ᠤᠨᠤᠭᠠᠵᠤ ᠨᠠᠭᠠᠳᠳᠠᠭ᠃ ᠢᠡᠭᠭᠢᠵᠥ ᠱᠠᠭ᠎ᠠ |
ᠨᠢᠰᠠᠯᠬᠤ ᠳᠤ ᠪᠠᠨ ᠲᠤᠭᠳᠠᠭᠰᠠᠨ ᠲᠥᠷᠢᠮ ᠶᠤᠰᠤ ᠶᠢ ᠲᠠᠭᠠᠬᠤ ᠠᠴᠠ ᠭᠠᠳᠠᠨ᠎ᠠ᠂ ᠤᠷᠭᠢᠭᠰᠠᠨ ᠱᠠᠭ᠎ᠠ ᠨᠢ |
ᠲᠠᠪᠢᠰᠥᠭᠰᠡᠨ ᠭᠥᠯᠭᠡ ᠠᠴᠠ ᠭᠠᠳᠠᠭᠤᠷ ᠲᠤᠰᠪᠠᠯ ᠮᠥᠨ ᠲᠥᠷᠢᠮ ᠵᠥᠷᠢᠴᠡᠭᠰᠡᠨ ᠢᠶᠠᠷ ᠪᠤᠳᠤᠵᠤ᠂ ᠲᠠᠷᠠᠭᠠᠭᠢ ᠶᠢᠨ |
ᠡᠭᠡᠯᠵᠢ ᠳᠤ ᠪᠠᠨ ᠰᠢᠯᠵᠢᠭᠦᠯᠳᠡᠭ᠃ |
2. ᠱᠠᠭ᠎ᠠ ᠨᠢᠰᠠᠯᠵᠤ ᠲᠤᠭᠯᠠᠬᠤ᠄ᠱᠠᠭ᠎ᠠ ᠪᠠᠨ ᠨᠠᠶᠢᠷᠠᠵᠤ ᠤᠷᠭᠢᠭᠠᠳ ᠮᠤᠷᠢ ᠶᠢ ᠮᠤᠷᠢ ᠲᠠᠢ᠂ ᠬᠤᠨᠢ ᠶᠢ |
ᠬᠤᠨᠢ ᠲᠠᠢ ᠭᠡᠭᠦ ᠮᠠᠳᠤ ᠠᠳᠠᠯᠢ ᠲᠥᠷᠰᠥ ᠲᠠᠢ ᠱᠠᠭ᠎ᠠ ᠶᠢ ᠬᠤᠭᠤᠷᠤᠨᠳᠤ ᠨᠢ ᠨᠢᠰᠠᠯᠤᠨ ᠤᠨᠠᠭᠠᠵᠤ᠂ ᠠᠯᠢ |
ᠠᠰᠢᠭᠳᠠᠢ ᠪᠠᠨ ᠥᠯᠡᠳᠡᠭᠡᠨ᠂ ᠨᠢᠭᠡ ᠶᠢ ᠨᠢ ᠠᠪᠳᠠᠭ᠃ ᠨᠢᠰᠠᠯᠤᠭᠠᠳ ᠤᠨᠤᠭᠠᠵᠤ ᠴᠢᠳᠠᠪᠠᠯ ᠥᠷᠭᠦᠯᠵᠢᠯᠠᠨ |
ᠨᠢᠰᠠᠯᠤᠨ᠎ᠠ᠃ ᠭᠡᠷᠪᠡ ᠤᠨᠤᠭᠠᠭᠰᠠᠨ ᠥᠭᠡᠢ ᠪᠤᠯ ᠪᠤᠰᠤᠳ ᠨᠢ ᠨᠢᠰᠠᠯᠳᠠᠭ᠃ ᠢᠡᠭᠭᠢᠭᠡᠳ ᠤᠨᠤᠭᠠᠭᠰᠠᠨ ᠲᠤᠭᠠᠨ ᠤ |
ᠤᠯᠠᠨ ᠴᠥᠭᠡᠨ ᠢᠶᠠᠷ ᠱᠥᠭᠦᠯᠳᠠ ᠪᠠᠨ ᠢᠯᠭᠠᠷᠠᠭᠤᠯᠳᠠᠭ᠃ ᠱᠠᠭ᠎ᠠ ᠨᠢᠰᠠᠯᠬᠤ ᠳᠤ ᠤᠯᠠᠨ ᠲᠥᠷᠢᠮ ᠶᠤᠰᠤ ᠲᠠᠢ᠃ |
ᠲᠤᠬᠠᠶᠢᠯᠠᠪᠠᠯ᠂ ᠨᠠᠶᠢᠷᠠᠵᠤ ᠤᠷᠭᠢᠭᠰᠠᠨ ᠱᠠᠭ᠎ᠠ ᠲᠠᠪᠬᠤᠴᠠᠨ ᠲᠤᠰᠤᠭᠰᠠᠨ ᠪᠠᠶᠢᠪᠠᠯ ᠲᠡᠭᠦᠨ ᠢ ᠱᠠᠭ᠎ᠠ ᠪᠠᠷ ᠴᠤᠭᠢᠵᠤ |
ᠰᠠᠯᠭᠠᠬᠤ᠂ ᠨᠢᠰᠠᠯᠬᠤ ᠳᠤ ᠪᠠᠨ ᠥᠭᠡᠷ᠎ᠠ ᠱᠠᠭ᠎ᠠ ᠶᠢ ᠭᠥᠨᠳᠠᠵᠤ ᠭᠥᠳᠠᠯᠭᠡᠵᠥ ᠪᠤᠯᠬᠤ ᠥᠭᠡᠢ᠂ ᠨᠢᠰᠠᠯᠤᠭᠰᠠᠨ |
ᠭᠠᠷ ᠢᠶᠠᠷ ᠢᠶᠠᠨ ᠱᠠᠭ᠎ᠠ ᠪᠠᠨ ᠲᠡᠭᠦᠵᠥ ᠠᠪᠴᠤ ᠪᠤᠯᠬᠤ ᠥᠭᠡᠢ ᠭᠡᠭᠦ ᠮᠠᠳᠤ᠃ |
3. ᠱᠠᠭ᠎ᠠ ᠰᠢᠭᠦᠷᠭᠦ᠄ᠱᠠᠭ᠎ᠠ ᠰᠢᠭᠦᠷᠭᠦ ︵ᠪᠤᠶᠤ ᠠᠳᠬᠤᠬᠤ︶ ᠲᠤᠭᠯᠠᠭᠠᠮ ᠨᠢ ᠤᠷᠭᠢᠵᠥ ᠨᠠᠶᠢᠷᠠᠭᠰᠠᠨ |
ᠱᠠᠭ᠎ᠠ ᠶᠢ ᠢᠵᠢᠯ ᠲᠥᠷᠰᠥ ᠪᠠᠷ ᠨᠢ ᠠᠳᠬᠤᠬᠤ ᠪᠤᠶᠤ ᠲᠤᠭᠳᠠᠭᠰᠠᠨ ᠲᠤᠭ᠎ᠠ ᠲᠠᠢ ᠠᠳᠬᠤᠵᠤ᠂ ᠠᠨᠳᠠᠭᠠᠶᠢᠯᠠᠬᠤ᠂ |
ᠮᠢᠩᠭ᠎ᠠ ᠳᠤ ᠤᠷᠤᠯᠳᠤᠬᠤ᠂ ᠬᠤᠶᠠᠷ ᠴᠢᠭᠢ ᠰᠢᠭᠦᠷᠭᠦ᠂ ᠭᠤᠷᠪᠠᠯᠵᠢᠨ ᠨᠢᠳᠤ ᠪᠠ ᠵᠢᠷᠭᠤᠭᠠᠨ ᠲᠠᠯ᠎ᠠ ᠲᠤᠪᠰᠢᠬᠤ |
ᠵᠠᠷᠭᠡ ᠤᠯᠠᠨ ᠵᠥᠢᠯ ᠢᠶᠠᠷ ᠨᠠᠭᠠᠳᠳᠠᠭ᠃ ᠢᠡᠭᠭᠢᠭᠦ ᠳᠤ ᠪᠠᠨ ᠤᠷᠭᠢᠵᠤ ᠨᠠᠶᠢᠷᠠᠭᠰᠠᠨ ᠱᠠᠭ᠎ᠠ ᠠᠴᠠ ᠢᠯᠭᠠᠭᠳᠠᠬᠤ |
ᠤᠨᠴᠠ ᠲᠠᠮᠳᠡᠭ ᠲᠠᠢ ᠱᠠᠭ᠎ᠠ ᠶᠢ ᠲᠠᠭᠡᠭᠰᠢ ᠬᠠᠶᠠᠵᠤ᠂ ᠨᠠᠶᠢᠷᠠᠭᠰᠠᠨ ᠱᠠᠭ᠎ᠠ ᠪᠠᠨ ᠰᠢᠭᠦᠷᠤᠨ ᠠᠪᠴᠤ᠂ ᠲᠡᠭᠡᠭᠰᠢ |
ᠬᠠᠶᠠᠭᠰᠠᠨ ᠱᠠᠭ᠎ᠠ ᠶᠢ ᠪᠠᠭᠤᠵᠤ ᠢᠷᠡᠭᠦ ᠳᠤ ᠨᠢ ᠭᠠᠵᠠᠷ ᠲᠤᠰᠬᠠᠬᠤ ᠥᠭᠡᠢ ᠬᠠᠮᠳᠤ ᠳᠤ ᠨᠢ ᠠᠳᠬᠤᠨ ᠠᠪᠳᠠᠭ᠃ |
ᠵᠠᠷᠢᠮ ᠭᠠᠵᠠᠷ ᠱᠠᠭ᠎ᠠ ᠰᠢᠭᠦᠷᠭᠦ ᠳᠤ ᠪᠠᠨ ᠵᠢᠵᠢᠭ ᠲᠠᠮᠤᠷ ᠴᠠᠭᠠᠷᠢᠭ ᠢ ᠭᠡᠯᠭᠢᠭᠡᠳ ︽ᠰᠤᠮᠤ︾ ᠪᠤᠶᠤ ︽ᠰᠠᠮᠪᠡᠭ︾ |
ᠭᠡᠵᠥ ᠨᠠᠷᠠᠯᠡᠭᠡᠳ ᠲᠡᠭᠦᠨ ᠢᠶᠠᠨ ᠲᠡᠭᠡᠭᠰᠢ ᠬᠠᠶᠠᠳᠠᠭ᠃ ᠥᠢᠷ᠎ᠠ ᠥᠶ᠎ᠠ ᠳᠤ ᠪᠥᠮᠪᠦᠭᠡ ᠪᠤᠶᠤ ᠵᠢᠵᠢᠭ ᠤᠭᠤᠳᠠ |
ᠤᠶᠤᠭᠠᠳ ᠲᠡᠭᠦᠨ ᠢᠶᠠᠨ ᠲᠡᠭᠡᠭᠰᠢ ᠬᠠᠶᠠᠵᠤ᠂ ᠱᠠᠭ᠎ᠠ ᠰᠢᠭᠦᠷᠤᠨ ᠨᠠᠭᠠᠳᠬᠤ ᠪᠤᠯᠵᠠᠢ᠃ |
4. ᠭᠡᠭᠦᠥ ᠰᠠᠭᠠᠬᠤ ᠲᠤᠭᠯᠠᠭᠠᠮ᠄ᠲᠤᠰ ᠲᠤᠭᠯᠠᠭᠠᠮ ᠨᠢ ᠬᠤᠶᠠᠷ ᠪᠤᠶᠤ ᠭᠤᠷᠪᠠᠨ ᠱᠠᠭ᠎ᠠ ᠠᠳᠬᠤᠵᠤ᠂ |
ᠲᠡᠭᠡᠭᠰᠢ ᠪᠠᠨ ᠰᠤᠯᠪᠢᠴᠠᠭᠤᠯᠤᠨ ᠬᠠᠶᠠᠭᠠᠳ ᠨᠢᠭᠡ ᠭᠠᠷ ᠢᠶᠠᠷ ᠢᠶᠠᠨ ᠲᠤᠰᠤᠨ ᠠᠪᠬᠤ ᠪᠤᠶᠤ ᠬᠤᠶᠠᠷ ᠭᠠᠷ ᠲᠤ ᠪᠠᠨ |
ᠲᠡᠭᠰᠢ ᠠᠳᠬᠤᠭᠰᠠᠨ ᠱᠠᠭ᠎ᠠ ᠪᠠᠨ ᠲᠤᠰ ᠲᠤᠰ ᠲᠤ ᠨᠢ ᠲᠡᠭᠡᠭᠰᠢ ᠪᠠᠨ ᠰᠤᠯᠪᠢᠴᠠᠭᠤᠯᠤᠨ ᠬᠠᠶᠠᠵᠤ ᠲᠤᠭᠯᠠᠬᠤ ᠶᠢ |
ᠭᠡᠯᠡᠨ᠎ᠠ᠃ ᠵᠠᠷᠢᠮ ᠳᠤ ᠪᠠᠨ ᠪᠠᠰᠠ ᠬᠤᠶᠠᠷ ᠭᠠᠷ ᠤᠨ ᠱᠠᠭ᠎ᠠ ᠪᠠᠨ ᠬᠠᠷᠢᠯᠴᠠᠨ ᠰᠤᠯᠪᠢᠴᠠᠭᠤᠯᠤᠨ ᠲᠤᠰᠤᠨ ᠠᠪᠴᠤ |
ᠲᠤᠭᠯᠠᠵᠤ ᠴᠤ ᠨᠠᠭᠠᠳᠳᠠᠭ᠃ ᠡᠶᠢᠨᠬᠦ ᠲᠤᠭᠯᠠᠵᠤ ᠪᠠᠶᠢᠭ᠎ᠠ ᠪᠠᠶᠢᠳᠠᠯ ᠨᠢ ᠭᠡᠭᠦᠥ ᠰᠠᠭᠠᠵᠤ ᠪᠠᠶᠢᠭ᠎ᠠ ᠲᠠᠢ ᠠᠳᠠᠯᠢᠪᠳᠤᠷ |
ᠬᠠᠷᠠᠭᠳᠠᠳᠠᠭ ᠠᠴᠠ ᠢᠡᠭᠭᠢᠵᠥ ᠨᠠᠷᠠᠯᠡᠭᠰᠡᠨ ᠶᠤᠮ᠃ ᠡᠨᠡ ᠲᠤᠭᠯᠠᠭᠠᠮ ᠢ ᠬᠤᠶᠠᠷ ᠠᠴᠠ ᠲᠡᠭᠡᠭᠰᠢ ᠭᠥᠮᠥᠨ ᠲᠤᠭᠯᠠᠳᠠᠭ᠃ |
ᠲᠡᠭᠡᠭᠦ ᠳᠤ ᠪᠠᠨ ᠱᠠᠭ᠎ᠠ ᠪᠠᠨ ᠭᠥᠮᠥᠨ ᠪᠥᠷᠢ ᠲᠡᠭᠰᠢ ᠬᠤᠪᠢᠶᠠᠵᠤ ᠠᠪᠤᠭᠠᠳ ᠨᠠᠭᠠᠳᠳᠠᠭ᠃ ᠭᠡᠨ ᠨᠢ ᠠᠯᠳᠠᠬᠤ |
ᠥᠭᠡᠢ ᠪᠠᠷ ᠤᠳᠠᠭᠠᠨ ᠪᠥᠭᠡᠳ ᠤᠯᠠᠨ ᠬᠠᠶᠠᠵᠤ ᠬᠠᠮᠤᠭ ᠲᠥᠷᠥᠭᠦᠨ ᠳᠤ ᠲᠤᠭᠳᠠᠭᠰᠠᠨ ᠪᠠᠷᠢᠮᠵᠢᠶᠠᠨ ᠳᠤ ᠪᠠᠨ |
ᠭᠥᠷᠭᠡᠪᠠᠯ ᠪᠤᠰᠤᠳ ᠨᠢ ᠨᠢᠭᠡ ᠨᠢᠭᠡ ᠱᠠᠭ᠎ᠠ ᠪᠠᠷ ᠱᠠᠩ ᠥᠭᠭᠦᠨ᠎ᠠ᠃ ᠭᠡᠳᠥᠢ ᠱᠠᠭ᠎ᠠ ᠪᠠᠷ ᠪᠠᠷᠢᠮᠵᠢᠶ᠎ᠠ ᠪᠤᠯᠭᠠᠬᠤ ᠨᠢ |
ᠠᠳᠠᠯᠢ ᠥᠭᠡᠢ᠂ ᠨᠠᠭᠠᠳᠤᠮ ᠤᠨ ᠡᠭᠢᠨ ᠳᠤ ᠶᠠᠷᠢᠯᠴᠠᠨ ᠲᠤᠭᠳᠠᠳᠠᠭ᠃ ᠱᠠᠭ᠎ᠠ ᠪᠠᠨ ᠥᠭᠴᠤ ᠪᠠᠷᠠᠪᠠᠯ ᠲᠤᠭᠯᠠᠬᠤ |
ᠡᠷᠭᠡ ᠪᠠᠨ ᠬᠠᠰᠤᠭᠳᠠᠳᠠᠭ᠃ ᠢᠡᠭᠭᠢᠵᠥ ᠨᠢᠭᠡ ᠨᠢᠭᠡ ᠪᠠᠷ ᠬᠠᠰᠤᠭᠳᠠᠭᠰᠠᠭᠠᠷ ᠪᠠᠶᠢᠭᠠᠳ ᠬᠠᠮᠤᠭ ᠰᠡᠭᠦᠯ ᠳᠤ ᠪᠥᠭᠦ |
ᠱᠠᠭ᠎ᠠ ᠨᠢᠭᠡ ᠯᠠ ᠭᠥᠮᠥᠨ ᠤ ᠭᠠᠷ ᠲᠤ ᠴᠤᠭᠯᠠᠷᠠᠵᠤ ᠢᠯᠠᠵᠤ ᠢᠯᠠᠭᠳᠠᠭᠰᠠᠨ ᠨᠢ ᠢᠯᠭᠠᠷᠠᠳᠠᠭ᠃ |
5. ᠬᠠᠯᠵᠠ ᠬᠠᠷᠪᠤᠬᠤ ᠲᠤᠭᠯᠠᠭᠠᠮ᠄ᠮᠤᠳᠤ ᠪᠤᠶᠤ ᠵᠡᠭᠡᠷ᠎ᠠ ᠶᠢᠨ ᠰᠢᠯᠪᠢ ᠶᠢᠨ ᠶᠠᠰᠤ ᠶᠢ ᠭᠤᠪᠢᠯ ᠭᠠᠷᠭᠠᠵᠤ |
︽ᠰᠠᠬᠤ︾ ᠭᠡᠵᠥ ᠨᠡᠷᠡᠯᠡᠭᠦ ᠪᠠ ᠱᠠᠭ᠎ᠠ ᠶᠢ ᠨᠥᠭᠡᠯᠡᠵᠤ ᠲᠤᠭᠤᠯᠭ᠎ᠠ ᠴᠢᠳᠬᠤᠭᠰᠠᠨ ᠢᠶᠠᠨ ︽ᠰᠤᠮᠤ︾ ᠭᠡᠳᠡᠭ᠃ |
ᠢᠡᠭᠭᠢᠭᠡᠳ ᠵᠤᠭᠢᠬᠤ ᠵᠠᠢ ᠳᠤ ᠱᠠᠭ᠎ᠠ ᠶᠢ ᠵᠠᠷᠭᠡᠴᠡᠭᠦᠯᠥᠨ ᠲᠠᠯᠪᠢᠵᠥ᠂ ︽ᠰᠠᠬᠤ︾ ᠪᠠᠷ ᠢᠶᠠᠨ ᠬᠠᠷᠪᠤᠳᠠᠭ᠃ ᠭᠡᠨ ᠨᠢ |
ᠤᠯᠠᠨ ᠤᠨᠤᠭᠠᠪᠠᠯ ᠲᠠᠷᠠ ᠨᠢ ᠢᠯᠠᠭᠰᠠᠨ ᠢᠶᠠᠷ ᠪᠤᠳᠤᠨ᠎ᠠ᠃ ᠡᠨᠡ ᠨᠢ ᠤᠨᠤᠪᠴᠢ ᠰᠢᠯᠭᠠᠬᠤ ᠵᠤᠷᠢᠯᠭ᠎ᠠ ᠲᠠᠢ ᠪᠥᠭᠡᠳ |
ᠮᠤᠩᠭᠤᠯᠴᠤᠳ ᠤᠨ ᠡᠷ᠎ᠠ ᠶᠢᠨ ᠭᠤᠷᠪᠠᠨ ᠨᠠᠭᠠᠳᠤᠮ ᠤᠨ ᠨᠢᠭᠡ ᠪᠤᠯᠬᠤ ᠰᠤᠷ ᠬᠠᠷᠪᠤᠯᠳᠠ ᠶᠢᠨ ᠶᠤᠰᠤ ᠶᠢ |
ᠵᠢᠷᠤᠮᠯᠠᠭᠰᠠᠨ ᠲᠤᠭᠯᠠᠭᠠᠮ ᠪᠤᠯᠤᠨ᠎ᠠ᠃ |
6. ᠲᠥᠷᠪᠡᠨ ᠪᠡᠷᠭᠡ ᠲᠤᠭᠯᠠᠭᠠᠮ᠄ᠲᠥᠷᠪᠡᠨ ᠱᠠᠭ᠎ᠠ ᠤᠷᠭᠢᠵᠥ᠂ ᠬᠤᠨᠢ᠂ ᠢᠮᠠᠭ᠎ᠠ᠂ ᠮᠤᠷᠢ᠂ ᠲᠠᠮᠡᠭᠡ ᠭᠡᠭᠦ |
ᠲᠥᠷᠪᠡᠨ ᠥᠭᠡᠷ᠎ᠠ ᠲᠥᠷᠰᠥ ᠲᠤᠰᠬᠬᠠᠤ ᠶᠢ ᠡᠶᠢᠨᠬᠦ ᠨᠠᠷᠠᠯᠡᠳᠡᠭ᠃ ᠢᠡᠭᠭᠢᠵᠥ ᠠᠳᠠᠯᠢ ᠪᠤᠰᠤ ᠲᠥᠷᠪᠡᠨ ᠲᠥᠷᠰᠥ |
ᠲᠤᠰᠬᠤ ᠨᠢ ᠬᠤᠪᠤᠷ ᠲᠤᠭᠢᠶᠠᠯᠳᠤᠳᠠᠭ ᠲᠤᠯᠨ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠤ ᠥᠷᠯᠥᠭᠡ ᠰᠢᠨ᠎ᠠ ᠶᠢᠨ |
ᠵᠤᠯᠭᠠᠯᠳᠠ ᠶᠢᠨ ᠲᠠᠷᠠᠭ᠎ᠠ᠂ ᠲᠥᠷᠪᠡᠨ ᠪᠡᠷᠭᠡ ᠪᠠᠭᠤᠯᠭᠠᠬᠤ ᠲᠤᠭᠯᠠᠭᠠᠮ ᠲᠤᠭᠯᠠᠳᠠᠭ ᠵᠠᠩᠰᠢᠯ ᠲᠠᠢ᠃ |
7. ᠲᠥᠷᠪᠡᠨ ᠡᠷᠳᠠᠨᠢ ᠲᠤᠭᠯᠠᠬᠤ᠄ᠡᠨᠡ ᠪᠤᠯ ᠭᠤᠷᠪᠠᠨ ᠱᠠᠭ᠎ᠠ ᠤᠷᠭᠢᠵᠥ᠂ ᠭᠤᠷᠪᠠᠭᠤᠯᠨ ᠪᠠᠨ ᠢᠵᠢᠯ |
ᠲᠥᠷᠰᠤ ᠲᠤᠰᠬᠤ ᠲᠤᠭᠯᠠᠭᠠᠮ ᠶᠤᠮ᠃ ᠢᠡᠭᠭᠢᠭᠡᠳ ᠭᠤᠷᠪᠠᠨ ᠮᠤᠷᠢ ᠲᠤᠰᠪᠠᠯ ᠠᠯᠳᠠᠨ ᠡᠷᠳᠠᠨᠢ᠂ ᠭᠤᠷᠪᠠᠨ ᠬᠤᠨᠢ |
ᠪᠤᠯ ᠮᠥᠡᠭᠭᠦᠨ ᠡᠷᠳᠠᠨᠢ᠂ ᠭᠤᠷᠪᠠᠨ ᠢᠮᠠᠭ᠎ᠠ ᠪᠤᠯ ᠱᠢᠷᠥᠨ ᠡᠷᠳᠠᠨᠢ᠂ ᠭᠤᠷᠪᠠᠨ ᠲᠠᠮᠡᠭᠡ ᠪᠤᠯ ᠰᠤᠪᠤᠳ ᠡᠷᠳᠠᠨᠢ |
ᠭᠡᠳᠡᠭ᠃ |
8. ᠲᠤᠭᠤᠢ ᠲᠤᠯᠤᠭ᠎ᠠ ᠨᠢᠰᠠᠯᠵᠤ ᠲᠤᠭᠯᠠᠬᠤ᠄ᠡᠨᠡ ᠨᠢ ᠲᠤᠯᠤᠭᠠᠨ ᠱᠠᠭ᠎ᠠ ᠤᠷᠭᠢᠵᠥ᠂ ᠢᠵᠢᠯ |
ᠲᠥᠷᠰᠥ ᠪᠠᠷ ᠨᠢ ᠨᠢᠰᠠᠯᠬᠤ ᠨᠠᠭᠠᠳᠤᠮ ᠶᠤᠮ᠃ ᠢᠡᠭᠭᠢᠵᠥ ᠨᠠᠭᠠᠳᠬᠤ ᠳᠤ ᠪᠠᠨ ᠱᠠᠭ᠎ᠠ ᠤᠷᠭᠢᠬᠤ᠂ ᠱᠠᠭ᠎ᠠ |
ᠨᠢᠰᠠᠯᠵᠤ ᠪᠠᠶᠢᠭ᠎ᠠ ᠭᠥᠮᠥᠨ ᠥᠭᠡ ᠶᠠᠷᠢᠵᠥ ᠪᠤᠯᠬᠤ ᠥᠭᠡᠢ᠂ ᠭᠡᠷᠪᠠ ᠲᠤᠤᠭᠠᠷᠪᠠᠯ ᠲᠥᠷᠢᠮ ᠵᠥᠷᠢᠴᠡᠭᠰᠡᠨ ᠳᠤ |
ᠲᠤᠭᠠᠴᠠᠵᠤ᠂ ᠲᠠᠷᠠᠭᠠᠴᠢ ᠶᠢᠨ ᠡᠭᠡᠯᠵᠢᠨ ᠳᠤ ᠪᠠᠨ ᠰᠢᠯᠵᠢᠭᠦᠯᠳᠡᠭ᠃ ᠲᠤᠯᠤᠭᠠᠨ ᠱᠠᠭ᠎ᠠ ᠶᠢ ᠲᠤᠯᠤᠭᠠᠨ |
ᠡᠭᠡᠯᠵᠢᠨ ᠳᠤ ᠥᠭᠡ ᠲᠤᠤᠭᠠᠷᠤᠭᠰᠠᠨ ᠥᠭᠡᠢ ᠨᠢᠰᠠᠯᠤᠭᠰᠠᠨ ᠭᠥᠮᠥᠨ ᠢ ᠱᠥᠭᠦᠭᠰᠡᠨ ᠳᠤ ᠪᠤᠳᠤᠳᠠᠭ᠃ |
9. ᠢᠡᠭᠭᠡ ᠪᠤᠳᠤᠭᠤᠯᠠᠭᠤᠯᠬᠤ ᠲᠤᠭᠯᠠᠭᠠᠮ᠄ᠵᠤᠭᠢᠬᠤ ᠲᠤᠭ᠎ᠠ ᠲᠠᠢ ᠱᠠᠭ᠎ᠠ ᠤᠷᠭᠢᠵᠥ᠂ ᠲᠠᠮᠡᠭᠡ᠂ ᠬᠤᠨᠢ |
ᠲᠤᠰᠤᠭᠰᠠᠨ ᠢ ᠨᠢ ᠲᠡᠭᠦᠵᠥ ᠠᠪᠤᠭᠠᠳ᠂ ᠲᠠᠮᠡᠭᠡ ᠪᠠᠨ ᠨᠢᠭᠡ ᠱᠠᠭ᠎ᠠ ᠶᠢᠨ ᠵᠠᠢ ᠲᠠᠢ ᠪᠠᠷ ᠵᠤᠭᠰᠤᠭᠠᠨ᠎ᠠ᠃ |
ᠬᠤᠨᠢ ᠶᠢ ᠨᠢ ᠲᠠᠮᠡᠭᠡ ᠠᠴᠠ ᠲᠥᠭᠡ ᠭᠢᠷᠢ ᠵᠠᠢ ᠳᠤ ᠵᠤᠭᠰᠤᠭᠠᠵᠤ᠂ ᠬᠤᠨᠢ ᠪᠠᠷ ᠢᠶᠠᠨ ᠲᠠᠮᠡᠭᠡ ᠶᠢ ᠬᠠᠷᠠᠯᠳᠠ ᠪᠤᠯᠭᠠᠨ |
ᠨᠢᠰᠠᠯᠬᠤ ᠳᠤ ᠨᠢ ᠬᠤᠶᠠᠭᠤᠯᠨ ᠪᠠᠨ ᠲᠠᠮᠡᠭᠡ ᠪᠤᠯᠵᠤ ᠪᠤᠰᠪᠠᠯ᠂ ᠲᠠᠮᠡᠭᠡ ᠪᠤᠳᠤᠭᠤᠯᠠᠪᠠ ᠭᠡᠵᠥ ᠲᠡᠭᠦᠵᠥ ᠠᠪᠳᠠᠭ᠃ |
ᠲᠡᠮᠡᠭᠡ ᠪᠤᠰᠬᠠᠵᠤ ᠲᠠᠶᠢᠯᠭᠦ ᠥᠭᠡᠢ ᠪᠤᠯ ᠥᠷᠭᠦᠯᠵᠢᠯᠡᠨ ᠤᠷᠭᠢᠵᠥ ᠨᠠᠭᠠᠳᠤᠨ᠎ᠠ᠃ ᠢᠡᠭᠭᠢᠭᠡᠳ ᠭᠡᠨ ᠨᠢ ᠤᠯᠠᠨ |
ᠲᠠᠮᠡᠭᠡ ᠪᠤᠰᠬᠠᠪᠠᠯ ᠲᠠᠷᠠ ᠨᠢ ᠱᠥᠭᠦᠳᠡᠭ᠃ |
10. ᠱᠠᠭ᠎ᠠ ᠲᠤᠭᠯᠠᠭᠠᠮ ᠤᠨ ᠲᠥᠷᠥᠯ ᠵᠥᠢᠯ᠄ᠱᠠᠭ᠎ᠠ ᠲᠤᠭᠯᠠᠭᠠᠮ ᠤᠨ ᠲᠥᠷᠥᠯ ᠵᠥᠢᠯ ᠮᠠᠰᠢ ᠤᠯᠠᠨ |
ᠪᠠᠶᠢᠳᠠᠭ᠃ ᠠᠳᠠᠯᠢ ᠪᠤᠰᠤ ᠭᠠᠵᠠᠷ ᠤᠷᠤᠨ ᠳᠤ ᠶᠠᠩᠵᠤ ᠪᠥᠷᠢ ᠪᠠᠷ ᠨᠠᠭᠠᠳᠴᠤ᠂ ᠱᠠᠭ᠎ᠠ ᠲᠤᠭᠯᠠᠭᠠᠮ ᠤᠨ ᠲᠥᠷᠥᠯ |
ᠵᠥᠢᠯ ᠢ ᠨᠠᠩ ᠪᠠᠶᠠᠯᠢᠬᠵᠢᠭᠤᠯᠤᠭᠰᠠᠨ ᠪᠠᠶᠢᠳᠠᠭ᠃ ᠤᠯᠤᠰ ᠤᠨ ᠲᠤᠳᠤᠭᠠᠳᠤ ᠭᠠᠳᠠᠭᠠᠳᠤ ᠳᠤ ᠭᠡᠪᠯᠡᠭᠳᠡᠭᠰᠡᠨ ᠨᠤᠮ |
ᠵᠤᠭᠢᠶᠠᠯ ᠤᠳ ᠲᠤ ᠱᠠᠭ᠎ᠠ ᠲᠤᠭᠯᠠᠭᠠᠮ ᠤᠨ ᠲᠥᠷᠥᠯ ᠵᠥᠢᠯ ᠢ ᠤᠯᠠᠨ ᠬᠤᠪᠢᠯᠪᠤᠷᠢ ᠪᠠᠷ ᠲᠠᠨᠢᠯᠴᠠᠭᠤᠯᠤᠭᠰᠠᠨ ᠶᠤᠮ᠃ |
ᠡᠭᠦᠨ ᠳᠤ᠂ ᠳ᠋᠊ · ᠴᠠᠭᠠᠨ ᠤ ︽ᠮᠤᠩᠭᠤᠯ ᠭᠥᠮᠥᠨ ᠤ ᠢᠵᠠᠭᠤᠷ ᠲᠤᠭᠯᠠᠭᠠᠮ — ᠱᠠᠭ᠎ᠠ︾ ᠭᠡᠭᠦ ᠪᠥᠳᠥᠭᠡᠯ ᠳᠤ |
140 ᠲᠥᠷᠥᠯ ᠢ ᠰᠤᠩᠭᠤᠵᠤ ᠲᠠᠨᠢᠯᠴᠠᠭᠤᠯᠤᠭᠰᠠᠨ ᠪᠠᠶᠢᠨ᠎ᠠ᠃ ᠡ᠊ᠨᠳᠠ ᠱᠠᠭ᠎ᠠ ᠲᠤᠭᠯᠠᠭᠠᠮ ᠤᠨ ᠲᠥᠷᠥᠯ |
ᠵᠥᠢᠯ ᠤᠳ ᠠᠴᠠ ᠲᠥᠭᠡᠮᠡᠯ ᠲᠠᠯᠭᠡᠷᠡᠭᠰᠡᠨ ᠤᠨᠴᠠᠯᠢᠬᠳᠤ ᠵᠥᠢᠯᠠᠰ ᠢ ᠰᠤᠩᠭᠤᠵᠤ᠂ ᠱᠠᠭᠠᠯᠴᠠᠬᠤ ᠠᠭᠤᠯᠭ᠎ᠠ |
ᠴᠢᠭᠯᠡᠯ ᠢᠶᠠᠷ ᠨᠢ ᠥᠢᠯᠠᠳᠪᠤᠷᠢᠯᠠᠯ ᠠᠮᠢᠳᠤᠷᠠᠯ ᠤᠨ ᠤᠨᠴᠠᠯᠢᠭ ᠲᠠᠢ ᠱᠠᠭ᠎ᠠ ᠲᠤᠭᠯᠠᠭᠠᠮ᠂ ᠵᠥᠩ ᠪᠡᠯᠭᠡᠳᠠᠯ ᠤᠨ |
ᠰᠢᠨᠵᠢ ᠲᠠᠢ ᠱᠠᠭ᠎ᠠ ᠲᠤᠭᠯᠠᠭᠠᠮ᠂ ᠤᠬᠠᠭᠠᠨ ᠪᠢᠯᠢᠭ ᠰᠤᠷᠢᠯᠴᠠᠬᠤ ᠱᠠᠭ᠎ᠠ ᠲᠤᠭᠯᠠᠭᠠᠮ ᠭᠡᠭᠦ ᠭᠤᠷᠪᠠᠨ ᠠᠩᠭᠢᠯᠠᠯ ᠳᠤ |
ᠬᠤᠪᠢᠶᠠᠵᠤ ᠲᠠᠨᠢᠯᠴᠠᠭᠤᠯᠪᠠ᠃ |
11. ᠠᠵᠠ ᠶᠢᠨ ᠭᠠᠭᠴᠠ ᠲᠤᠭᠯᠠᠬᠤ᠄ᠡᠭᠦᠨ ᠢ ᠭᠠᠭᠴᠠ ᠱᠠᠭ᠎ᠠ ᠪᠠᠷ ᠨᠠᠭᠠᠳᠴᠤ᠂ ᠤᠷᠤᠯᠴᠠᠭᠰᠠᠨ ᠭᠥᠮᠥᠰ |
ᠡᠭᠡᠯᠵᠢᠯᠠᠨ ᠤᠷᠭᠢᠳᠠᠭ᠃ ᠭᠡᠨ ᠨᠢ ᠤᠷᠢᠳᠠᠪᠠᠷ ᠮᠤᠷᠢ ᠪᠤᠰᠬᠠᠪᠠᠯ ᠲᠠᠷᠠ ᠭᠥᠮᠥᠨ ᠠᠵᠠ ᠲᠠᠢ᠂ ᠭᠡᠶᠢᠮᠤᠷᠢ ᠰᠠᠷᠭᠦᠭᠰᠡᠨ |
ᠭᠡᠳᠡᠭ᠃ ᠢᠯᠠᠩᠭᠤᠶ᠎ᠠ ᠮᠤᠷᠢ ᠨᠢ ᠤᠷᠭᠢᠭᠰᠠᠨ ᠡᠵᠠᠨ ᠤ ᠪᠠᠨ ᠥᠭᠡᠳᠠ ᠬᠠᠨᠳᠤᠨ ᠲᠤᠰᠤᠭᠰᠠᠨ ᠪᠤᠯ ᠵᠢᠩᠭᠢᠨᠢ |
ᠠᠵᠠ ᠶᠢᠨ ᠱᠥᠭᠦᠯᠳᠠ ᠭᠡᠵᠥ ᠲᠤᠩ ᠡᠷᠭᠢᠮᠯᠠᠳᠡᠭ᠃ |
12. ᠪᠥᠭᠡ ᠪᠠᠷᠢᠯᠳᠤᠭᠤᠯᠬᠤ ᠲᠤᠭᠯᠠᠭᠠᠮ᠄ᠱᠠᠭ᠎ᠠ ᠨᠠᠭᠠᠳᠬᠤ ᠭᠥᠮᠥᠨ ᠥᠪᠡᠷᠰᠠᠳ ᠤᠨ ᠱᠠᠭ᠎ᠠ ᠪᠠᠨ ᠠᠷᠪᠠᠨ |
ᠵᠢᠷᠭᠤᠭ᠎ᠠ᠂ ᠭᠤᠴᠢᠨ ᠬᠤᠶᠠᠷ᠂ ᠵᠢᠷᠠᠨ ᠲᠥᠷᠪᠡ᠂ ᠵᠠᠭᠤ ᠬᠤᠷᠢᠨ ᠨᠠᠢᠮᠠ ᠭᠡᠭᠦ ᠮᠠᠳᠤ ᠪᠠᠷ ᠲᠡᠭᠰᠢ ᠨᠤᠭᠳᠠᠪᠤᠷᠢᠳᠤ |
ᠲᠤᠭ᠎ᠠ ᠪᠠᠷ ᠲᠤᠰᠪᠤᠷᠢ ᠵᠠᠷᠭᠡᠴᠡᠭᠦᠯᠥᠨ ᠵᠢᠭᠰᠠᠭᠠᠵᠤ᠂ ᠪᠠᠷᠢᠯᠳᠤᠭᠤᠯᠬᠤ ᠪᠥᠭᠡ ᠪᠠᠨ ᠲᠠᠮᠳᠡᠭ ᠲᠠᠯᠪᠢᠵᠥ ᠨᠠᠶᠢᠯᠡᠭᠦᠯᠥᠨ |
ᠤᠷᠭᠢᠨᠠ᠃ ᠤᠷᠭᠢᠯᠳᠠ ᠳᠤ ᠭᠡᠨ ᠤ ᠭᠢᠨᠢ ᠱᠠᠭ᠎ᠠ ᠮᠤᠷᠢ ᠲᠤᠰᠪᠠᠯ ᠲᠠᠪᠠᠭᠰᠠᠨ ᠳᠤ ᠲᠤᠭᠠᠴᠠᠵᠤ᠂ ᠨᠥᠭᠦᠭᠡ |
ᠡᠳᠡᠭᠡᠳ ᠤᠨ ᠢᠶᠠᠨ ᠵᠢᠭᠰᠠᠭᠠᠭᠰᠠᠨ ᠪᠥᠭᠡ ᠶᠢ ᠬᠠᠰᠤᠳᠠᠭ᠃ ᠢᠡᠭᠭᠢᠵᠥ ᠨᠤᠭᠤᠯᠤᠭ᠎ᠠ ᠪᠥᠷᠢ ᠳᠤ ᠲᠠᠪᠠᠭᠰᠠᠨ |
ᠪᠥᠭᠡ ᠨᠢ ᠬᠤᠴᠤᠷᠤᠭᠰᠠᠭᠠᠷ ᠲᠠᠷᠢᠭᠦᠨ᠂ ᠲᠠᠳ᠋ ᠢᠶᠠᠨ ᠰᠢᠯᠭᠠᠷᠠᠭᠤᠯᠳᠠᠭ᠃ ᠡᠨᠡ ᠲᠤᠭᠯᠠᠭᠠᠮ ᠨᠢ ᠮᠤᠩᠭᠤᠯ |
ᠪᠥᠭᠡ ᠶᠢᠨ ᠵᠢᠷᠤᠮ ᠶᠤᠰᠤ ᠶᠢ ᠮᠥᠷᠳᠡᠭᠰᠡᠨ ᠪᠤᠯᠬᠤᠷ᠂ ᠢᠶᠢᠨ ᠭᠦ ᠨᠠᠷᠠᠯᠡᠭᠰᠡᠨ ᠪᠢᠯᠨ᠃ |
13. ᠠᠷᠤᠭᠠ ᠱᠠᠭ᠎ᠠ᠄ᠪᠤᠭᠤ᠂ ᠲᠠᠮᠡᠭᠡ᠂ ᠥᠭᠡᠷ ᠤᠨ ᠱᠠᠭ᠎ᠠ ᠶᠢ ᠵᠠᠰᠠᠵᠤ᠂ ᠬᠤᠳᠤᠭᠤᠷ ᠲᠤ ᠨᠢ ᠲᠤᠭᠤᠯᠭ᠎ᠠ |
ᠴᠢᠳᠬᠤᠭᠰᠠᠨ ᠢᠶᠠᠨ ᠠᠷᠤᠭᠠ ᠱᠠᠭ᠎ᠠ ᠪᠤᠶᠤ ᠠᠷᠭᠠᠢ ᠭᠡᠳᠡᠭ᠃ ᠢᠡᠭᠭᠢᠭᠡᠳ ᠡᠪᠤᠯ ᠤᠨ ᠤᠯᠠᠷᠢᠯ ᠮᠥᠰᠥᠨ ᠲᠡᠭᠡᠷ᠎ᠠ |
ᠨᠠᠭᠠᠳᠳᠠᠭ᠃ ᠡᠨᠡ ᠨᠢ ᠭᠥᠮᠥᠰ ᠤᠨ ᠬᠠᠳᠠᠭᠤᠵᠢᠯ ᠲᠠᠰᠪᠤᠷᠢ᠂ ᠤᠷᠠᠨ ᠰᠠᠮᠪᠠᠭ᠎ᠠ᠂ ᠤᠬᠠᠭᠠᠨ ᠪᠢᠯᠢᠭ ᠢ ᠰᠤᠷᠢᠭᠰᠠᠨ |
ᠰᠢᠨᠵᠢ ᠲᠠᠢ ᠪᠥᠭᠡᠳ ᠭᠡᠶᠢᠮᠤᠷᠢ ᠪᠠᠨ ᠰᠠᠷᠭᠦᠭᠡᠨᠠ ᠭᠡᠵᠥ ᠶᠢᠰᠥ ᠡᠭᠢᠯᠡᠭᠦ ᠥᠶ᠎ᠠ ᠪᠠᠷ ᠨᠠᠭᠠᠳᠬᠤ ᠵᠠᠩᠰᠢᠯ ᠲᠠᠢ᠃ |
14. ᠭᠡᠶᠢᠮᠤᠷᠢ ᠰᠠᠷᠭᠦᠭᠡᠭᠦ ᠲᠤᠭᠯᠠᠭᠠᠮ᠄ᠭᠡᠶᠢᠮᠤᠷᠢ ᠰᠡᠷᠭᠦᠭᠡᠭᠦ ᠱᠠᠭ᠎ᠠ ᠲᠤᠭᠯᠠᠭᠠᠮ ᠬᠤᠶᠠᠷ ᠵᠥᠢᠯ ᠪᠠᠶᠢᠳᠠᠭ᠃ |
ᠨᠢᠭᠡ ᠵᠥᠢᠯ ᠨᠢ ᠤᠯᠠᠨ ᠱᠠᠭ᠎ᠠ ᠶᠢ ᠡᠭᠡᠯᠵᠢ ᠪᠠᠷ ᠤᠷᠭᠢᠵᠥ᠂ ᠮᠤᠷᠢ ᠪᠤᠰᠤᠭᠰᠠᠨ ᠢ ᠨᠢ ᠲᠡᠭᠦᠵᠥ ᠠᠪᠤᠭᠠᠳ᠂ |
ᠭᠡᠶᠢᠮᠤᠷᠢ ᠪᠠᠨ ᠠᠳᠠᠯᠢᠳᠬᠠᠬᠤ︔ ᠨᠥᠭᠦᠭᠡ ᠵᠥᠢᠯ ᠨᠢ ᠨᠠᠭᠠᠳᠬᠤ ᠭᠥᠮᠥᠰ ᠲᠤᠰᠪᠤᠷᠢ ᠳᠤ ᠪᠠᠨ ᠨᠢᠭᠡ ᠱᠠᠭ᠎ᠠ ᠶᠢ |
ᠭᠡᠶᠢᠮᠤᠷᠢ ᠶᠢᠨ ᠱᠠᠭ᠎ᠠ ᠪᠠᠷ ᠲᠤᠭᠳᠠᠭᠠᠭᠠᠳ ᠲᠡᠳᠡᠭᠡᠷ ᠢᠶᠠᠨ ᠨᠠᠶᠢᠯᠡᠭᠦᠯᠵᠥ ᠤᠷᠭᠢᠨ ᠭᠡᠶᠢᠮᠤᠷᠢ ᠪᠠᠨ ᠰᠢᠯᠭᠠᠳᠠᠭ᠃ |
15. ᠲᠤᠭᠤᠢ ᠲᠤᠯᠤᠭ᠎ᠠ ᠨᠢᠰᠠᠯᠵᠤ ᠲᠤᠭᠯᠠᠬᠤ᠄ᠡᠨᠡ ᠨᠢ ᠲᠤᠯᠤᠭᠠᠨ ᠱᠠᠭ᠎ᠠ ᠤᠷᠭᠢᠵᠥ᠂ ᠢᠵᠢᠯ |
ᠲᠥᠷᠰᠥ ᠪᠠᠷ ᠨᠢ ᠨᠢᠰᠠᠯᠬᠤ ᠨᠠᠭᠠᠳᠤᠮ ᠶᠤᠮ᠃ ᠢᠡᠭᠭᠢᠵᠥ ᠨᠠᠭᠠᠳᠬᠤ ᠳᠤ ᠪᠠᠨ ᠱᠠᠭ᠎ᠠ ᠤᠷᠭᠢᠬᠤ᠂ ᠱᠠᠭ᠎ᠠ |
ᠨᠢᠰᠠᠯᠵᠤ ᠪᠠᠶᠢᠭ᠎ᠠ ᠭᠥᠮᠥᠨ ᠥᠭᠡ ᠶᠠᠷᠢᠵᠥ ᠪᠤᠯᠬᠤ ᠥᠭᠡᠢ᠂ ᠭᠡᠷᠪᠠ ᠲᠤᠤᠭᠠᠷᠪᠠᠯ ᠲᠥᠷᠢᠮ ᠵᠥᠷᠢᠴᠡᠭᠰᠡᠨ ᠳᠤ |
ᠲᠤᠭᠠᠴᠠᠵᠤ᠂ ᠲᠠᠷᠠᠭᠠᠴᠢ ᠶᠢᠨ ᠡᠭᠡᠯᠵᠢᠨ ᠳᠤ ᠪᠠᠨ ᠰᠢᠯᠵᠢᠭᠦᠯᠳᠡᠭ᠃ ᠲᠤᠯᠤᠭᠠᠨ ᠱᠠᠭ᠎ᠠ ᠶᠢ ᠲᠤᠯᠤᠭᠠᠨ |
ᠡᠭᠡᠯᠵᠢᠨ ᠳᠤ ᠥᠭᠡ ᠲᠤᠤᠭᠠᠷᠤᠭᠰᠠᠨ ᠥᠭᠡᠢ ᠨᠢᠰᠠᠯᠤᠭᠰᠠᠨ ᠭᠥᠮᠥᠨ ᠢ ᠱᠥᠭᠦᠭᠰᠡᠨ ᠳᠤ ᠪᠤᠳᠤᠳᠠᠭ᠃ |
|