|
ᠠᠷᠠᠳ ᠤᠨ ᠰᠦᠯᠵᠢᠶᠡᠨ ᠤ ᠰᠠᠨᠶᠠ ᠶᠢᠨ 11 ᠰᠠᠷ᠎ᠠ ᠶᠢᠨ 28 ᠤ ᠡᠳᠦᠷ ᠤᠨ ᠮᠡᠳᠡᠭᠡ ︵ ᠶᠢᠨ ᠬᠤᠩ |
ᠬᠤᠸᠠ᠂ ᠮᠠᠨᠠᠹᠦ᠋᠂ ᠮᠧᠩ ᠹᠠᠨ ᠱᠧᠩ︶ 12 ᠤᠳᠠᠭ᠎ᠠ ᠤᠷᠢᠳᠴᠢᠯᠠᠨ ᠰᠠᠵᠢᠯᠠᠵᠤ᠂ ᠬᠥᠳᠡᠯᠦᠯ ᠪᠠᠷᠢᠯ ᠨᠢ |
ᠬᠦᠴᠦᠲᠡᠢ᠂ ᠠᠶᠢᠵᠠᠮ ᠴᠣᠬᠢᠯᠭ᠎ᠠ ᠨᠢ ᠢᠯᠭᠤᠮ ᠲᠣᠳᠣ ᠪᠥᠭᠡᠳ 10.5 ᠮᠧᠲᠷ ᠤᠨ ᠬᠤᠩᠬᠤᠨ ᠤ ᠡᠰᠢ ᠶᠢᠨ |
ᠥᠨᠳᠥᠷ ᠲᠤ ᠬᠦᠷᠴᠦ᠂ ᠬᠤᠩᠬᠤ ᠶᠢ ᠳᠤᠤᠭᠠᠷᠭᠠᠬᠤ ᠠᠭᠱᠠᠨ ᠵᠠᠭᠤᠷ᠎ᠠ ᠨᠢᠵᠢᠭᠢᠨᠡᠭᠰᠡᠨ ᠠᠯᠠᠭ᠎ᠠ ᠲᠡᠰᠢᠯᠲᠡ ᠶᠢᠨ |
ᠳᠠᠭᠤᠨ ᠪᠠ ᠤᠷᠠᠶᠢᠯᠠᠨ ᠬᠠᠰᠬᠢᠷᠬᠤ ᠳᠠᠭᠤᠨ ᠪᠦᠬᠦ ᠲᠠᠯᠠᠪᠠᠶ ᠪᠠᠷ ᠳᠦᠭᠦᠷᠡᠯᠡ᠃ ᠭᠢᠷᠢᠨ ᠤ ᠠᠩᠭᠢ ᠶᠢᠨ ᠵᠣᠣ ᠢ |
ᠮᠧᠩ ᠠᠷᠪᠠᠨ ᠬᠤᠶᠠᠳᠤᠭᠠᠷ ᠬᠤᠭᠤᠴᠠᠭᠠᠨ ᠤ ᠪᠥᠬᠦ ᠤᠯᠤᠰ ᠤᠨ ᠴᠥᠭᠡᠨ ᠲᠣᠭᠠᠲᠤ ᠦᠨᠳᠦᠰᠦᠲᠡᠨ ᠤ |
ᠤᠯᠠᠮᠵᠢᠯᠠᠯᠲᠤ ᠪᠡᠶ᠎ᠡ ᠶᠢᠨ ᠲᠠᠮᠢᠷ ᠤᠨ ᠴᠤᠭᠯᠠᠭᠠᠨ ᠤ ᠳᠡᠭᠦᠵᠢᠩ ᠤᠷᠤᠯᠳᠤᠭᠠᠨ ᠤ ᠵᠦᠢᠯ ᠤᠨ 55 ᠺᠢᠯᠣᠭ᠍ᠷᠠᠮ ᠤᠨ |
ᠲᠠᠰ ᠤᠨ ᠭᠠᠭᠴᠠ ᠬᠥᠮᠥᠨ ᠤ ᠤᠷᠤᠯᠳᠤᠭᠠᠨ ᠤ ᠨᠢᠭᠡᠳᠦᠭᠡᠷ ᠳᠡᠰ ᠤᠨ ᠱᠠᠩᠨᠠᠯ ᠢ ᠠᠮᠵᠢᠯᠲᠠᠲᠠᠢ ᠭᠥᠷᠳᠡᠪᠡ᠃ |
ᠬᠤᠨᠠᠨ ᠤ ᠠᠩᠭᠢ ᠶᠢᠨ ᠲᠠᠨ ᠸᠧᠨ ᠮᠧᠶ᠂ ᠾᠧᠪᠧᠢ ᠶᠢᠨ ᠠᠩᠭᠢ ᠶᠢᠨ ᠵᠠᠩ ᠺᠧ ᠮᠢᠩ᠂ ᠭᠢᠷᠢᠨ ᠤ |
ᠠᠩᠭᠢ ᠶᠢᠨ ᠱᠧᠨ ᠹᠧᠢ ᠲᠣᠰ ᠲᠣᠰ ᠬᠤᠶᠠᠳᠤᠭᠠᠷ ᠳᠡᠰ ᠤᠨ ᠱᠠᠩᠨᠠᠯ ᠭᠥᠷᠳᠡᠪᠡ︔ ᠭᠢᠷᠢᠨ ᠤ ᠠᠩᠭᠢ ᠶᠢᠨ ᠯᠢ |
ᠮᠧᠶ ᠵᠧᠨ᠂ ᠶᠦᠨᠨᠠᠨ ᠤ ᠠᠩᠭᠢ ᠶᠢᠨ ᠪᠢ ᠶᠦᠩ ᠯᠢ᠂ ᠾᠧᠪᠧᠢ ᠶᠢᠨ ᠠᠩᠭᠢ ᠶᠢᠨ ᠵᠠᠩ ᠰᠢᠨ ᠪᠥᠸᠧ᠂ ᠵᠢᠶᠠᠩᠰᠤ |
ᠶᠢᠨ ᠠᠩᠭᠢ ᠶᠢᠨ ᠯᠢᠦ ᠴᠧᠩ ᠮᠧᠶ ᠨᠢ ᠭᠤᠷᠪᠠᠳᠤᠭᠠᠷ ᠳᠡᠰ ᠤᠨ ᠱᠠᠩᠨᠠᠯ ᠭᠥᠷᠳᠡᠪᠡ᠃ |
|
ᠳᠡᠭᠦᠵᠢᠩ ᠭᠡᠳᠡᠭ ᠡᠨᠡ ᠬᠦ ᠡᠷᠲᠡᠨ ᠤ ᠤᠯᠠᠮᠵᠢᠯᠠᠯ ᠲᠠᠢ ᠪᠥᠭᠡᠳ ᠡᠯᠪᠡᠭ ᠪᠠᠶᠠᠯᠢᠭ ᠰᠣᠶᠣᠯ ᠤᠨ |
ᠠᠭᠤᠯᠤᠭᠳᠠᠬᠤᠨ ᠲᠠᠢ ᠦᠨᠳᠦᠰᠦᠲᠡᠨ ᠤ ᠤᠯᠠᠮᠵᠢᠯᠠᠯᠲᠤ ᠪᠡᠶ᠎ᠡ ᠶᠢᠨ ᠲᠠᠮᠢᠷ ᠤᠨ ᠵᠦᠢᠯ ᠨᠢ ᠤᠯᠠᠮᠵᠢᠯᠠᠯᠲᠤ ᠪᠡᠶ᠎ᠡ |
ᠲᠠᠮᠢᠷ ᠤᠨ ᠬᠥᠳᠡᠯᠭᠡᠭᠡᠨ ᠤ ᠬᠡᠯᠪᠡᠷᠢ ᠪᠠᠨ ᠬᠠᠳᠠᠭᠠᠯᠠᠭᠰᠠᠨ ᠤ ᠰᠠᠭᠤᠷᠢᠨ ᠳᠡᠭᠡᠷ᠎ᠡ ᠲᠠᠰᠤᠷᠠᠯᠲᠠ ᠦᠭᠡᠢ ᠰᠢᠨ᠎ᠡ |
ᠠᠮᠢᠵᠢᠷᠠᠯ ᠤᠨ ᠬᠦᠴᠦᠨ ᠲᠠᠢ ᠪᠣᠯᠵᠤ᠂ ᠪᠡᠶ᠎ᠡ ᠴᠢᠭᠢᠷᠠᠭᠵᠢᠭᠤᠯᠤᠯ ᠤᠨ ᠴᠢᠨᠠᠷ᠂ ᠥᠷᠢᠰᠦᠯᠳᠦᠭᠡᠨ ᠤ ᠴᠢᠨᠠᠷ᠂ ᠵᠤᠭ᠎ᠠ |
ᠴᠡᠩᠭᠡᠯ ᠤᠨ ᠴᠢᠨᠠᠷ ᠪᠠ ᠰᠣᠨᠢᠷᠬᠠᠯ ᠤᠨ ᠴᠢᠨᠠᠷ ᠢᠶᠠᠷ ᠴᠢᠩᠭ᠎ᠠ ᠪᠠᠷ ᠢᠶᠠᠨ ᠥᠷᠭᠡᠨ ᠲᠦᠮᠡᠨ ᠤ ᠪᠠᠭ᠋ᠠᠷᠬᠠᠯ ᠢ ᠲᠠᠲᠠᠵᠤ |
ᠪᠠᠶᠢᠨ᠎ᠠ᠃ |