ᠱᠠᠯᠪᠣᠷ ᠪᠥᠭᠡ ᠨᠢ ᠠᠯᠠᠱᠠ ᠬᠤᠱᠣᠳ ᠤᠨ ᠣᠯᠠᠮᠵᠢᠯᠠᠯᠳᠣ ᠨᠠᠭᠠᠳᠣᠮ᠂ ᠡᠷᠳᠡ ᠡᠳᠣᠭᠡ ᠠᠴᠠ |
ᠣᠯᠠᠮᠵᠢᠯᠠᠭᠳᠠᠨ ᠢᠷᠡᠭᠰᠡᠨ ᠪᠡᠶ᠎ᠡ ᠲᠠᠮᠢᠷ ᠤᠨ ᠬᠥᠳᠡᠯᠭᠡᠭᠡᠨ᠃ ᠮᠥᠨᠴᠣ ᠠᠯᠠᠱᠠ ᠮᠣᠩᠭᠤᠯᠴᠣᠳ ᠤᠨ ᠡᠷᠳᠡᠨ ᠤ |
ᠥᠷᠡᠰ ᠤᠨ ᠨᠠᠶᠢᠷ ᠠᠴᠠ ᠠᠪᠣᠭᠠᠳ ᠡᠳᠣᠭᠡ ᠶᠢᠨ ᠨᠠᠶᠢᠷ ᠨᠠᠭᠠᠳᠣᠮ ᠳᠠᠬᠢ ᠲᠠᠮᠢᠷ ᠤᠨ ᠮᠥᠷᠥᠶᠢᠴᠡᠭᠡᠨ ᠤ ᠭᠤᠣᠯ |
ᠨᠠᠭᠠᠳᠣᠮ ᠪᠣᠯᠣᠭᠰᠠᠭᠠᠷ ᠢᠷᠡᠪᠡ᠃ ︽ᠱᠠᠯᠪᠣᠷ ᠪᠥᠭᠡ︾ ᠬᠡᠭᠦ ᠥᠭᠡ ᠶᠢᠨ ᠢᠷᠡᠯ ᠭᠠᠷᠣᠯ ᠤᠨ ᠲᠣᠬᠠᠢ ᠶᠠᠩᠵᠤ |
ᠶᠠᠩᠵᠤ ᠪᠠᠷ ᠲᠠᠶᠢᠯᠪᠤᠷᠢᠯᠠᠳᠠᠭ᠃ ᠵᠠᠷᠢᠮ ᠨᠢ ︽ᠱᠠᠯᠪᠣᠷ︾ ᠬᠡᠭᠦ ᠥᠬᠡ ᠪᠣᠯ ︽ᠰᠢᠮᠳᠠᠭᠠᠢ︾ ᠶᠢᠨ ᠬᠤᠪᠢᠯᠪᠣᠷᠢ |
ᠥᠭᠡ᠂ ᠪᠠᠰᠠ ᠵᠠᠷᠢᠮ ᠨᠢ ︽ᠱᠠᠯᠪᠠ︾ ᠪᠣᠯᠣᠨ ︽ᠪᠣᠣᠷ᠎ᠡ︾ ᠭᠡᠬᠦ ᠬᠤᠶᠠᠷ ᠥᠬᠡ ᠠᠴᠠ ᠡᠭᠦᠰᠴᠣ ︽ᠱᠠᠯᠪᠣᠣᠷᠡ︾ |
ᠬᠡᠭᠦ ᠨᠡᠶᠢᠯᠡᠮᠡᠯ ᠥᠭᠡ ᠪᠣᠯᠵᠣ ᠶᠠᠪᠠᠭᠠᠨ ᠳᠠᠭᠠᠨ ︽ᠱᠠᠯᠪᠣᠷ︾ ᠬᠡᠭᠦ ᠪᠥᠭᠡ ᠶᠢᠨ ᠨᠡᠷᠡᠰ ᠪᠣᠯᠣᠨ ᠬᠤᠪᠢᠷᠠᠭᠰᠠᠨ |
ᠬᠡᠳᠡᠭ᠃ ᠠᠯᠠᠱᠠ ᠠᠮᠠᠨ ᠶᠠᠷᠢᠶᠠᠨ ᠳᠤ ᠱᠠᠯᠪᠣᠷ ᠪᠥᠭᠡ ᠶᠢ ᠪᠣᠣᠷ᠎ᠡ ᠶᠢᠨ ᠲᠡᠮᠡᠴᠡᠭᠡᠨ ᠠᠴᠠ ᠰᠡᠳᠣᠪᠯᠡᠵᠤ ︽ᠪᠣᠣᠷ᠎ᠡ |
ᠮᠡᠳᠣ ᠨᠥᠷᠢᠯᠴᠡᠵᠤ᠂ ᠪᠣᠬ᠎ᠠ ᠮᠡᠳᠣ ᠲᠥᠯᠬᠢᠯᠳᠣᠭᠡᠳ︾ ᠬᠡᠭᠦ ᠠᠴᠠ ᠥᠵᠡᠪᠡᠯ᠂ ᠡᠨᠡ ︽ᠱᠠᠯᠪᠣᠷ︾ ᠬᠡᠭᠴᠢ ᠥᠭᠡ |
ᠨᠢ ︽ᠱᠠᠯᠪᠠ︾ ᠪᠣᠯᠣᠨ ︽ᠪᠣᠣᠷ᠎ᠡ︾ ᠶᠢᠨ ᠨᠠᠶᠢᠯᠠᠪᠣᠷᠢ ᠪᠣᠯᠵᠤ ᠵᠥᠪᠰᠢᠶᠡᠷᠡᠭᠳᠡᠭᠦ ᠪᠣᠯᠤᠮᠵᠢ ᠶᠡᠭᠡ ᠪᠠᠶᠢᠬᠤ ᠮᠡᠳᠣ᠃ |
ᠥᠩᠭᠡᠷᠡᠭᠰᠡᠨ ᠳᠤ ᠲᠣᠰ ᠨᠤᠳᠤᠭ ᠤᠨ ᠮᠣᠩᠭᠤᠯᠴᠣᠳ ᠪᠥᠬᠡ ᠪᠠᠷᠢᠯᠳᠣᠬᠤ ᠶᠢ ᠪᠣᠣᠷ᠎ᠡ ᠶᠢᠨ ᠨᠥᠷᠢᠯᠴᠡᠭᠡ᠂ |
ᠪᠣᠬ᠎ᠠ ᠶᠢᠨ ᠲᠥᠯᠬᠢᠯᠳᠡ ᠬᠡᠵᠣ ᠬᠤᠶᠡᠷ ᠵᠥᠢᠯ ᠬᠤᠪᠢᠶᠠᠳᠠᠭ᠃ ᠪᠣᠬ᠎ᠠ ᠶᠢᠨ ᠲᠥᠯᠬᠢᠯᠳᠡ ᠬᠡᠳᠡᠭ ᠨᠢ ᠵᠣᠳᠤᠭ |
ᠡᠮᠣᠰᠴᠣ ᠪᠠᠷᠢᠯᠳᠣᠬᠤ ᠶᠢ ᠬᠡᠯᠡᠨ᠎ᠡ᠂ ᠪᠣᠣᠷ᠎ᠡ ᠶᠢᠨ ᠨᠥᠷᠢᠯᠳᠡ ᠬᠡᠳᠡᠭ ᠨᠢ ᠱᠠᠯᠪᠣᠷ ᠮᠠᠶ᠋ᠢᠭ ᠢᠶᠠᠷ ᠪᠠᠷᠢᠯᠳᠣᠬᠤ ᠶᠢ |
ᠬᠡᠯᠡᠨ᠎ᠡ᠃ ᠱᠠᠯᠪᠣᠷ ᠪᠥᠭᠡ ᠳᠤ ᠳᠠᠩ ᠨᠣᠭᠤᠯᠤᠭ᠎ᠠ ᠰᠢᠯᠢᠭᠳᠡᠯ ᠤᠨ ᠲᠥᠷᠢᠮ ᠢ ᠬᠡᠷᠡᠭᠯᠡᠳᠡᠭ᠃ ᠭᠥᠯ ᠤᠨ ᠱᠠᠭ᠎ᠠ |
ᠠᠴᠠ ᠳᠡᠭᠡᠭᠰᠢᠬᠢ ᠶᠠᠮᠠᠷ ᠨᠢᠭᠡᠨ ᠬᠡᠰᠡᠭ ᠢ ᠣᠷᠢᠳ ᠢᠶᠠᠷ ᠭᠠᠵᠠᠷ ᠲᠤ ᠡᠰᠡ ᠰᠢᠷᠥᠶᠢᠳᠠᠭᠰᠠᠨ ᠴᠠᠭ ᠲᠤ ᠬᠤᠶᠡᠷ |
ᠪᠥᠭᠡ ᠶᠢᠨ ᠪᠠᠷᠢᠯᠳᠣᠭᠠᠨ ᠢ ᠥᠯᠣ ᠵᠣᠭᠰᠣᠭᠠᠳᠠᠭ᠃ |
ᠠᠯᠠᠱᠠ ᠬᠤᠱᠣᠳ ᠤᠨ ᠱᠠᠯᠪᠣᠷ ᠪᠥᠭᠡ ᠶᠢᠨ ᠪᠠᠷᠢᠯᠳᠣᠭᠠᠨ ᠳᠤ ᠬᠡᠣᠭᠡᠳ ᠠᠴᠠ ᠪᠣᠰᠣ ᠨᠠᠰᠣᠨ ᠤ ᠬᠢᠵᠠᠭᠠᠷ |
ᠪᠠ ᠪᠡᠶ᠎ᠡ ᠶᠢᠨ ᠭᠥᠨᠳᠣ ᠶᠢ ᠥᠯᠣ ᠬᠠᠶᠢᠬᠤᠷᠣᠨ ᠶᠠᠮᠠᠷ ᠬᠥᠮᠥᠨ ᠬᠡᠳ ᠨᠡᠷ᠎ᠡ ᠮᠡᠳᠡᠭᠦᠯᠥᠨ ᠪᠥᠭᠡ ᠶᠢᠨ |
ᠮᠥᠷᠥᠶᠢᠴᠡᠭᠡᠨ ᠳᠤ ᠣᠷᠣᠯᠴᠠᠵᠤ ᠪᠣᠯᠳᠠᠭ᠃ ᠱᠠᠯᠪᠣᠷ ᠪᠥᠭᠡ ᠪᠠᠷᠢᠯᠳᠣᠬᠤ ᠳᠠᠭᠠᠨ ᠶᠡᠷᠣ ᠳᠡᠭᠡᠨ ᠠᠷᠪᠠᠨ ᠵᠢᠷᠭᠤᠭ᠎ᠠ᠂ |
ᠭᠤᠴᠢᠨ ᠬᠤᠶᠡᠷ᠂ ᠵᠢᠷᠡᠨ ᠲᠥᠷᠪᠡ ᠪᠣᠶᠣ ᠵᠠᠭᠤᠨ ᠬᠤᠷᠢᠨ ᠨᠠᠢᠮᠠ ᠬᠡᠭᠦ ᠮᠡᠳᠣᠴᠢᠯᠡᠨ ᠬᠤᠣᠰ ᠲᠤᠭ᠎ᠠ ᠪᠠᠷ ᠵᠡᠷᠭᠡ |
ᠳᠠᠪᠰᠢᠬᠤ ᠬᠡᠯᠪᠡᠷᠢ ᠪᠠᠷ ᠪᠥᠭᠡ ᠶᠢᠨ ᠲᠤᠭ᠎ᠠ ᠶᠢ ᠲᠣᠭᠳᠠᠭᠠᠳᠠᠭ᠃ ᠠᠯᠠᠱᠠ ᠬᠤᠱᠣᠳ ᠤᠨ ᠱᠠᠯᠪᠣᠷ ᠪᠥᠭᠡ ᠶᠢᠨ |
ᠪᠠᠷᠢᠯᠳᠣᠭᠠᠨ ᠤ ᠮᠡᠷᠭᠡᠵᠢᠯ ᠳᠤ ᠣᠷᠣᠭᠰᠢ ᠳᠣᠭᠳᠠᠷᠣᠯᠳᠠ᠂ ᠣᠭᠵᠣᠮ ᠡᠭᠦᠷᠥᠯᠳᠡ᠂ ᠬᠤᠯᠠᠭᠠᠢ ᠡᠳᠡᠯᠳᠠ᠂ ᠬᠤᠶᠢᠰᠢ |
ᠲᠥᠯᠬᠢᠯᠳᠡ᠂ ᠬᠤᠶᠡᠷ ᠬᠢᠷᠭᠠᠰ ︵ᠬᠡᠯᠳᠡᠭᠢ︶᠂ ᠬᠤᠶᠡᠷ ᠳᠡᠭᠡᠭᠡ᠂ ᠬᠤᠢ ᠡᠷᠬᠢᠯᠳᠠ᠂ ᠬᠤᠷᠳᠣᠨ ᠳᠠᠰᠢᠯᠳᠠ᠂ |
ᠪᠣᠣᠷ᠎ᠡ ᠶᠢᠨ ᠰᠢᠯᠢᠳᠡᠯᠳᠡ᠂ ᠪᠣᠬ᠎ᠠ ᠶᠢᠨ ᠰᠠᠵᠢᠯᠳᠠ᠂ ᠥᠰᠥᠭᠡᠢ ᠳᠠᠳᠠᠯᠳᠠ᠂ ᠥᠷᠣᠭᠡᠰᠣᠨ ᠳᠠᠰᠢᠶᠡ᠂ ᠡᠭᠡᠮ |
ᠮᠣᠯᠳᠣᠯᠣᠨ ᠡᠯᠢᠭᠡᠳᠣᠭᠦᠯᠭᠦ᠂ ᠲᠡᠭᠷᠢ ᠬᠢᠯᠥᠶᠢᠯᠭᠠᠬᠤ ᠮᠡᠳᠣ ᠶᠢᠨ ᠠᠷᠭ᠎ᠠ ᠳᠡᠮ ᠪᠠᠶᠢᠳᠠᠭ᠃ ᠱᠠᠯᠪᠣᠷ ᠪᠥᠭᠡ ᠶᠢᠨ |
ᠡᠳᠡᠭᠡᠷ ᠣᠷᠡᠨ ᠮᠡᠷᠭᠡᠵᠢᠯ᠂ ᠭᠠᠩᠭᠠᠩ ᠮᠡᠭᠡ ᠠᠴᠠ ᠱᠠᠯᠪᠣᠷ ᠪᠥᠭᠡ ᠶᠢᠨ ᠨᠡᠷᠡᠶᠢᠳᠣᠯ ᠡᠭᠦᠰᠴᠠᠢ᠃ ᠣᠷᠴᠢᠮ ᠤᠨ ᠵᠢᠯ |
ᠳᠤ᠂ ᠡᠨᠡᠬᠦ ᠰᠢᠯᠢᠳᠡᠭ ᠣᠯᠠᠮᠵᠢᠯᠠᠯᠳᠣ ᠥᠨᠳᠣᠰᠣᠳᠡᠨ ᠤ ᠪᠡᠶ᠎ᠡ ᠲᠠᠮᠢᠷ ᠤᠨ ᠮᠥᠷᠥᠶᠢᠴᠡᠭᠡᠨ ᠨᠢ ᠠᠯᠠᠱᠠ ᠪᠠᠷᠠᠭᠤᠨ |
ᠬᠤᠰᠢᠭᠤᠨ ᠳᠤ ᠬᠠᠮᠠᠭᠠᠯᠠᠭᠳᠠᠨ ᠣᠯᠠᠮᠵᠢᠯᠠᠭᠳᠠᠵᠤ᠂ ᠨᠢᠬᠡ ᠪᠥᠯᠥᠭ ᠪᠡᠶ᠎ᠡ ᠲᠠᠮᠢᠷ᠂ ᠣᠣᠭᠠᠯ ᠰᠣᠶᠣᠯ ᠢᠶᠠᠨ |
ᠬᠢᠮᠠᠭᠠᠳᠠᠨ ᠠᠪᠣᠷᠠᠭᠴᠢ ᠶᠢᠨ ᠬᠠᠳᠠᠭᠤᠵᠢᠯᠳᠠᠢ ᠴᠢᠷᠮᠠᠶᠢᠯᠭ᠎ᠠ ᠪᠠᠷ 2006 ᠣᠨ ᠳᠤ ᠵᠢᠷᠭᠤᠳᠣᠭᠠᠷ ᠬᠤᠭᠤᠴᠠᠭᠠᠨ ᠤ |
ᠪᠥᠭᠦ ᠣᠷᠣᠨ ᠤ ᠴᠥᠭᠡᠨ ᠲᠣᠭᠠᠳᠣ ᠥᠨᠳᠣᠰᠣᠳᠡᠨ ᠤ ᠣᠯᠠᠮᠵᠢᠯᠠᠯᠳᠣ ᠪᠡᠶ᠎ᠡ ᠲᠠᠮᠢᠷ ᠤᠨ ᠬᠤᠷᠠᠯᠳᠣᠭᠠᠨ ᠳᠡᠭᠡᠷ᠎ᠡ |
ᠱᠠᠯᠪᠣᠷ ᠪᠥᠭᠡ ᠶᠢ ᠣᠷᠣᠯᠳᠣᠭᠠᠨ ᠤ ᠵᠢᠩᠭᠢᠨᠢ ᠲᠥᠷᠥᠯ ᠵᠥᠢᠯ ᠳᠤ ᠣᠷᠣᠭᠤᠯᠣᠭᠰᠠᠨ ᠪᠠᠶᠢᠨ᠎ᠠ᠃ |