ᠪᠡᠶ᠎ᠡ ᠶᠢᠨ ᠲᠠᠮᠢᠷ ᠤᠨ ᠬᠦᠮᠦᠵᠢᠯ᠂ ᠣᠶᠤᠨ ᠤ ᠬᠦᠮᠦᠵᠢᠯ ᠢ ᠠᠳᠠᠯᠢᠬᠠᠨ ᠴᠢᠬᠤᠯᠠᠴᠢᠯᠠᠵᠤ᠂ ᠡᠯ᠎ᠡ ᠲᠠᠯ᠎ᠠ ᠪᠠᠷ |
ᠬᠦᠭᠵᠢᠭᠰᠡᠨ ᠡᠬᠡ ᠣᠷᠤᠨ ᠤ ᠢᠷᠡᠭᠡᠳᠦᠢ ᠶᠢᠨ ᠡᠵᠡᠳ ᠢ ᠬᠦᠮᠦᠵᠢᠭᠦᠯᠬᠦ ᠪᠠᠷ ᠭᠤᠤᠯᠳᠠᠯᠭ᠎ᠠ ᠪᠣᠯᠭᠠᠳᠠᠭ ᠰᠤᠷᠭᠠᠨ |
ᠬᠦᠮᠦᠵᠢᠯ ᠤᠨ ᠬᠡᠪ ᠵᠠᠭᠪᠤᠷ ᠤᠨ ᠠᠮᠵᠢᠯᠳᠠ ᠲᠤᠳᠤᠷᠠᠭᠤᠯᠵᠦ᠂ ᠠᠪᠠᠭ᠎ᠠ ᠬᠤᠰᠢᠭᠤᠨ ᠤ ᠬᠤᠶᠠᠳᠤᠭᠠᠷ ᠳᠤᠮᠳᠠᠳᠤ |
ᠰᠤᠷᠭᠠᠭᠤᠯᠢ ᠶᠢᠨ ᠥᠨᠳᠦᠷ ᠬᠤᠶᠠᠷ ᠤᠨ 69 ᠠᠩᠭᠢ ᠶᠢᠨ ᠥᠷᠯᠦᠭ 2019 ᠣᠨ ᠳᠤ ᠪᠦᠬᠦ ᠤᠯᠤᠰ ᠤᠨ |
ᠳᠡᠯᠡᠬᠡᠢ ᠶᠢᠨ ᠰᠢᠲᠠᠷ᠎ᠠ ᠶᠢᠨ ᠤᠷᠤᠯᠳᠤᠭᠠᠨ ᠳᠤ ᠲᠡᠷᠢᠭᠦᠯᠡᠨ᠂ ᠠᠷᠪᠠᠨ ᠨᠢᠭᠡ ᠲᠠᠢ ᠳᠤ ᠪᠠᠨ ᠳᠡᠯᠡᠭᠡᠢ ᠶᠢᠨ |
ᠰᠢᠲᠠᠷ᠎ᠠ ᠶᠢᠨ ᠳᠡᠳ᠋ ᠮᠠᠰᠲ᠋ᠧᠷ ᠴᠤᠯᠠ ᠬᠦᠷᠳᠡᠵᠦ ᠪᠢᠯᠡ᠃ |
ᠪᠢᠳᠡᠨ ᠢ ᠬᠦᠷᠬᠦ ᠳᠤ ᠪᠠᠭᠰᠢ ᠨᠢ ᠨᠢᠭᠡ ᠵᠡᠷᠭᠡ ︽ᠶᠡᠭᠡ ᠪᠠᠭᠰᠢ ᠲᠠᠢ ᠠᠭᠤᠯᠵᠠᠭᠤᠯᠤᠶ᠎ᠠ︾ ᠭᠡᠳ ᠪᠠᠶᠢᠭᠰᠠᠨ |
ᠨᠢ ᠰᠤᠷᠤᠭᠴᠢ ᠥᠷᠯᠦᠭ ᠢᠶᠠᠨ ᠬᠡᠯᠡᠵᠦ ᠪᠠᠶᠢᠭᠰᠠᠨ ᠠᠵᠢ᠃ ᠶᠠᠭᠤᠨ ᠳᠤ ᠢᠩᠭᠢᠵᠦ ᠳᠠᠭᠤᠳᠠᠵᠤ ᠪᠠᠶᠢᠭ᠎ᠠ ᠲᠤᠬᠠᠢ |
ᠤᠬᠤᠴᠢᠯᠠᠬᠤ ᠳᠤ ᠪᠠᠭᠰᠢ ᠨᠢ᠄ ︽ᠰᠢᠲᠠᠷ᠎ᠠ ᠶᠢᠨ ᠴᠣᠯᠠ ᠪᠠᠷ ᠨᠢ ᠨᠠᠭᠠᠳᠤᠮ ᠬᠢᠭᠡᠳ ᠲᠠᠭᠤᠳᠠᠭᠰᠠᠨ ᠶᠤᠮ ᠡ︾ |
ᠭᠡᠵᠦ ᠪᠠᠶᠢᠭᠰᠠᠨ ᠴᠤ ᠰᠤᠷᠤᠭᠴᠢ ᠪᠠᠷ ᠢᠶᠠᠨ ᠪᠠᠭ᠋ᠠᠷᠬᠠᠭᠰᠠᠨ ᠪᠠᠭᠰᠢ ᠬᠦᠮᠦᠨ ᠤ ᠣᠮᠤᠭᠰᠢᠯᠲᠤ ᠰᠡᠳᠭᠢᠯ ᠲᠣᠳᠤᠬᠠᠨ |
ᠪᠠᠶᠢᠯ᠎ᠠ᠃ |
ᠶᠡᠬᠡᠭᠤᠣᠯ ᠰᠤᠮᠤᠨ ᠤ ᠶᠡᠬᠡᠨ᠋ᠤᠰᠤ ᠭᠠᠴᠠᠭᠠᠨ ᠤ ᠮᠠᠯᠴᠢᠨ ᠥᠷᠭᠡᠨᠪᠠᠶᠠᠷ ᠴᠠᠭᠠᠨᠯᠢᠩᠬᠤᠸᠠ ᠶᠢᠨ ᠬᠦᠦ ᠥᠷᠯᠦᠭ |
ᠠᠩᠬ᠎ᠠ ᠡᠪᠦᠯ ᠤᠨ ᠠᠮᠠᠷᠠᠯᠲᠠ ᠪᠠᠷ ᠢᠶᠠᠨ ᠨᠠᠭᠠᠴᠤ ᠶᠢᠨ ᠳᠤ ᠪᠠᠨ ᠣᠴᠢᠭᠠᠳ ᠠᠬ᠎ᠠ ᠠᠴᠠ ᠪᠠᠨ ᠰᠢᠲᠠᠷ᠎ᠠ ᠶᠢᠨ |
ᠶᠠᠪᠤᠳᠠᠯ ᠢ ᠨᠢ ᠰᠤᠷᠴᠠᠢ᠂ ᠡᠶᠢᠨ ᠠᠩᠬ᠎ᠠ ᠠᠯᠬᠤᠮ ᠤᠨ ᠰᠠᠭᠤᠷᠢ ᠲᠠᠢ ᠪᠤᠯᠤᠭᠰᠠᠨ ᠲᠡᠷᠡᠪᠡᠷ ᠳᠠᠷᠠᠭ᠎ᠠ ᠬᠤᠭᠤᠴᠠᠭ᠎ᠠ |
ᠨᠢ ᠰᠤᠷᠭᠠᠭᠤᠯᠢ ᠳᠤ ᠪᠠᠨ ᠢᠷᠡᠭᠡᠳ ᠰᠢᠲᠠᠷ᠎ᠠ ᠶᠢᠨ ᠳᠤᠷ᠎ᠠ ᠰᠣᠨᠢᠷᠬᠠᠯ ᠤᠨ ᠠᠩᠭᠢ ᠳᠤ ᠨᠡᠷ᠎ᠡ ᠮᠡᠳᠡᠭᠦᠯᠦᠨ ᠰᠢᠰᠲ᠋ᠧᠮ |
ᠲᠠᠢ ᠰᠤᠷᠤᠭᠰᠠᠨ ᠠᠵᠢ᠃ ᠲᠤᠬᠠᠢ ᠶᠢᠨ ᠦᠶ᠎ᠡ ᠳᠤ ᠪᠠᠭ᠎ᠠ ᠰᠤᠷᠭᠠᠭᠤᠯᠢ ᠶᠢᠨ ᠬᠤᠶᠠᠳᠤᠭᠠᠷ ᠣᠨ ᠪᠠᠶᠢᠭᠰᠠᠨ᠂ |
ᠣᠳᠤ ᠪᠣᠯᠬᠤ ᠳᠤ ᠰᠢᠲᠠᠷ᠎ᠠ ᠰᠤᠷᠤᠭᠠᠳ ᠨᠠᠢᠮᠠᠨ ᠵᠢᠯ ᠤᠨ ᠨᠢᠭᠤᠷ ᠦᠵᠡᠵᠦ ᠪᠣᠢ᠂ ᠲᠡᠷᠡ ᠴᠠᠭ ᠠᠴᠠ ᠯᠡ ᠣᠳᠤ |
ᠬᠦᠷᠲᠡᠯ᠎ᠡ ᠬᠦᠯᠭᠡᠨ ᠲᠡᠭᠡᠷ᠎ᠡ ᠶᠡᠭᠡ ᠪᠠᠭ᠎ᠠ ᠵᠢᠷᠠᠭᠠᠳ ᠤᠷᠤᠯᠳᠤᠭᠠᠨ ᠳᠤ ᠤᠷᠤᠯᠴᠠᠵᠦ᠂ ᠤᠲᠠᠰᠤᠨ ᠳᠡᠭᠡᠷ᠎ᠡ ᠪᠠᠰᠠ |
ᠣᠯᠠᠨ ᠤᠷᠤᠯᠳᠤᠭᠠᠨ ᠳᠤ ᠪᠢᠯᠢᠭ ᠰᠣᠷᠢᠵᠠᠢ᠃ |
ᠬᠠᠮᠤᠭ ᠲᠦᠷᠦᠭᠦᠦ ᠲᠠᠶᠢᠪᠤᠰᠧ ᠬᠤᠰᠢᠭᠤᠨ ᠳᠤ ᠶᠠᠪᠤᠭᠳᠠᠭᠰᠠᠨ ᠶᠢᠰᠦᠳᠦᠭᠡᠷ ᠤᠳᠠᠭᠠᠨ ᠤ ︽ᠪᠢᠯᠢᠭ ᠤᠨ |
ᠰᠣᠶᠢᠯᠭ᠎ᠠ︾ ᠰᠢᠲᠠᠷ᠎ᠠ ᠶᠢᠨ ᠤᠷᠤᠯᠳᠤᠭᠠᠨ ᠳᠤ ᠣᠷᠤᠯᠴᠠᠨ ᠳ᠋ᠤᠭᠠᠷ ᠲᠤ ᠣᠷᠤᠵᠤ ᠳᠡᠶᠢᠯᠦᠭᠰᠡᠨ ᠦᠭᠡᠢ᠂ ᠭᠡᠪᠡᠴᠦ |
ᠲᠡᠷᠡ ᠵᠤᠷᠢᠭ ᠮᠤᠬᠤᠵᠦ ᠬᠤᠶᠢᠰᠢ ᠤᠬᠤᠷᠢᠭᠰᠠᠨ ᠦᠭᠡᠢ᠂ ᠬᠠᠷᠢᠨ ᠲᠡᠷᠡ ᠲᠤᠮᠳᠠ ᠠᠴᠠ ᠲᠤᠷᠰᠢᠯᠭ᠎ᠠ ᠰᠤᠷᠭᠠᠮᠵᠢ |
ᠬᠤᠷᠠᠮᠳᠤᠭᠤᠯᠤᠨ᠂ ᠤᠯᠠᠮ ᠴᠦ ᠰᠢᠮᠳᠠᠨ ᠰᠤᠷᠤᠯᠴᠠᠵᠦ᠂ ᠰᠢᠳᠠᠷ᠎ᠠ ᠨᠠᠭᠠᠳᠬᠤ ᠤᠷ᠎ᠠ ᠮᠡᠷᠭᠡᠵᠢᠯ ᠢᠶᠠᠨ |
ᠲᠡᠭᠡᠭᠰᠢᠯᠡᠬᠦᠯᠦᠭᠰᠡᠨ ᠠᠴᠠ ᠳᠠᠷᠠᠭ᠎ᠠ ᠵᠢᠯ ᠨᠢ ᠬᠥᠪᠡᠭᠡᠲᠦ ᠰᠢᠷ᠎ᠠ ᠬᠤᠰᠢᠭᠤᠨ ᠳᠤ ᠶᠠᠪᠤᠭᠳᠠᠭᠰᠠᠨ ᠠᠷᠪᠠᠳᠤᠭᠠᠷ |
ᠤᠳᠠᠭᠠᠨ ᠤ ︽ᠪᠢᠯᠢᠭ ᠤᠨ ᠰᠣᠶᠢᠯᠭ᠎ᠠ︾ ᠰᠢᠲᠠᠷ᠎ᠠ ᠶᠢᠨ ᠤᠷᠤᠯᠳᠤᠭᠠᠨ ᠳᠤ ᠲᠡᠷᠢᠭᠦᠯᠡᠨ ᠤᠯᠠᠮ ᠢᠶᠠᠷ ᠵᠣᠷᠢᠭᠵᠢᠵᠤ |
ᠲᠡᠷᠡ ᠨᠢ ᠴᠢᠨᠠᠭᠰᠢᠳᠠ ᠮᠡᠷᠡᠶᠢᠬᠦ ᠬᠦᠴᠦᠨ ᠪᠣᠯᠤᠭᠰᠠᠨ ᠪᠢᠯᠡ᠃ |
ᠣᠳᠤ ᠪᠣᠯᠬᠤ ᠳᠤ ᠥᠷᠯᠦᠭ ᠲᠣᠮᠤᠴᠤᠳ ᠤᠨ ᠤᠷᠤᠯᠳᠤᠭᠠᠨ ᠳᠤ ᠴᠤ ᠣᠷᠤᠵᠤ ᠪᠠᠶᠢᠭ᠎ᠠ᠂ ᠨᠢᠳᠤᠨᠤᠨ |
ᠠᠪᠠᠭ᠎ᠠ ᠬᠤᠰᠢᠭᠤᠨ ᠤ ᠨᠠᠢᠮᠠᠳᠤᠭᠠᠷ ᠬᠤᠭᠤᠴᠠᠭᠠᠨ ᠤ ᠠᠷᠠᠳ ᠤᠨ ᠶᠡᠭᠡ ᠨᠠᠭᠠᠳᠤᠮ ᠳᠤ 256 ᠰᠢᠲᠠᠷᠠᠴᠢᠨ |
ᠲᠤᠮᠳᠠ ᠠᠴᠠ ᠴᠤᠯᠭᠤᠷᠠᠨ ᠲᠡᠷᠢᠬᠦᠯᠡᠭᠡᠳ 1 ᠲᠦᠮᠡᠨ ᠲᠦᠭᠦᠷᠢᠭ ᠤᠨ ᠳᠡᠭᠡᠷ᠎ᠡ ᠠ᠊ · ᠨᠣᠷᠪᠤ ᠭᠤᠸᠠᠢ ᠶᠢᠨ |
ᠰᠡᠶᠢᠯᠦᠭᠰᠡᠨ ᠲᠦᠮᠡ ᠭᠠᠷᠤᠢ ᠲᠥᠭᠦᠷᠢᠭ ᠤᠨ ᠥᠷᠲᠡᠭ ᠪᠦᠬᠦᠢ ᠰᠢᠲᠠᠷ᠎ᠠ ᠶᠢᠨ ᠱᠠᠩᠨᠠᠯ ᠲᠣᠰᠴᠤ᠂ ᠠᠪᠤ ᠡᠵᠢ᠂ |
ᠨᠤᠲᠤᠭ ᠤᠰᠤᠨ ᠤ ᠬᠢᠨ ᠢᠶᠠᠨ ᠠᠷᠭ᠎ᠠ ᠦᠭᠡᠢ ᠪᠠᠶᠠᠷᠯᠠᠭᠤᠯᠤᠭᠰᠠᠨ ᠪᠠᠶᠢᠨ᠎ᠠ᠃ ᠮᠦᠨᠴᠦ ᠵᠠᠷᠤᠳ ᠬᠤᠰᠢᠭᠤᠨ ᠤ |
ᠠᠷᠪᠠᠨ ᠵᠢᠷᠭᠤᠳᠤᠭᠠᠷ ᠤᠳᠠᠭᠠᠨ ᠤ ᠠᠷᠠᠳ ᠤᠨ ᠶᠡᠭᠡ ᠨᠠᠭᠠᠳᠤᠮ ᠳᠤ ᠳᠡᠳ᠋ᠯᠡᠭᠰᠡᠨ ᠵᠡᠷᠭᠡ ᠪᠠᠷ ᠲᠡᠭᠦᠨ ᠤ ᠠᠮᠵᠢᠯᠲᠠ |
ᠣᠯᠠᠨᠲᠠᠢ᠃ ᠠᠮᠠᠷᠠᠯᠲᠠ ᠪᠠᠷ ᠢᠶᠠᠨ ᠤᠷᠤᠯᠳᠤᠭᠠᠨ ᠢᠶᠠᠷ ᠰᠠᠶᠢᠨ ᠨᠠᠭᠠᠳᠪᠠᠯ ᠳᠠᠷᠠᠭ᠎ᠠ ᠬᠤᠭᠤᠴᠠᠭᠠᠨ ᠤ ᠰᠤᠯᠠ |
ᠵᠠᠷᠤᠳᠠᠯ ᠢᠶᠠᠨ ᠪᠠᠷᠤᠭ ᠣᠯᠴᠢᠬᠠᠳᠠᠭ ᠨᠢ ᠴᠤ ᠦᠷᠯᠦᠭ ᠲᠤ ᠠᠪᠴᠦ ᠬᠡᠯᠡᠪᠡᠯ ᠤᠷᠮ᠎ᠠ᠂ ᠭᠡᠷ ᠪᠦᠯᠢ ᠳᠤ ᠨᠢ ᠠᠪᠴᠤ |
ᠬᠡᠯᠡᠪᠡᠯ ᠪᠠᠭ᠎ᠠ ᠴᠦ ᠭᠡᠰᠡᠨ ᠠᠵᠦ ᠠᠬᠤᠢ ᠶᠢᠨ ᠨᠠᠮᠡᠷᠢ ᠭᠡᠵᠦ ᠬᠡᠯᠡᠵᠦ ᠪᠤᠯᠤᠨ᠎ᠠ᠃ |
︽ᠶᠡᠭᠡ ᠮᠦᠷᠡᠨ ᠳᠦᠯᠭᠡᠨ᠂ ᠡᠷᠳᠡᠮᠲᠦ ᠬᠦᠮᠦᠨ ᠳᠠᠷᠤᠤ︾ ᠭᠡᠳᠡᠭᠴᠢᠯᠡᠨ ᠦᠷᠯᠦᠭ ᠦᠶ᠎ᠡ ᠬᠤᠷᠠᠭ ᠤᠨ |
ᠬᠢᠨ ᠠᠴᠠ ᠪᠠᠨ ᠤᠷᠢᠳ ᠰᠢᠳᠠᠷ᠎ᠠ ᠶᠢᠨ ᠣᠷᠭᠢᠯ ᠳᠤ ᠣᠶᠢᠷᠠᠲᠤᠭᠰᠠᠨ ᠴᠤ ᠡᠭᠡᠯ ᠳᠠᠷᠤᠤ ᠵᠠᠩ ᠨᠢ ᠬᠡᠪ ᠢᠶᠠᠷ ᠢᠶᠠᠨ |
ᠪᠠᠶᠢᠭᠰᠠᠨ ᠨᠢ ᠤᠯᠠᠮ ᠢᠯᠡᠭᠦᠦ ᠪᠠᠭ᠋ᠠᠷᠤᠯ ᠲᠡᠳᠠᠨᠠ᠃ ᠦᠷᠯᠦᠭ᠄ ︽ᠬᠤᠵᠢᠮ ᠨᠢᠭᠡᠳᠦᠭᠡᠷ ᠳᠡᠰ ᠤᠨ |
ᠰᠢᠲᠠᠷᠠᠴᠢᠨ ᠢᠶᠠᠨ ᠠᠪᠬᠤ ᠪᠠᠷ ᠴᠢᠷᠮᠠᠶᠢᠨ᠎ᠠ︾ ᠬᠡᠮᠡᠨ ᠵᠣᠷᠢᠮᠠᠭ ᠬᠢᠷᠢᠨ᠎ᠡ ᠳᠠᠷᠤᠤᠬᠠᠨ ᠤᠴᠢᠷᠯᠠᠨ᠎ᠠ᠃ |
ᠰᠢᠯᠢᠳᠡᠭ ᠰᠤᠷᠤᠭᠴᠢ ᠴᠣᠯᠭᠤᠷᠠᠨᠠ ᠭᠡᠳᠡᠭ ᠰᠤᠷᠭᠠᠭᠤᠯᠢ ᠶᠢᠨ ᠲᠠᠯ᠎ᠠ ᠠᠴᠠ ᠶᠠᠷᠢᠶᠡᠨ ᠦᠭᠡᠢ ᠡᠨᠡ ᠲᠠᠯ᠎ᠠ |
ᠶᠢᠨ ᠰᠠᠶᠢᠨ ᠬᠦᠮᠦᠵᠢᠯ᠂ ᠰᠠᠶᠢᠬᠠᠨ ᠣᠷᠴᠢᠨ ᠨᠦᠬᠦᠴᠡᠯ ᠲᠠᠢ ᠪᠠᠶᠢᠵᠤ ᠯᠡ ᠲᠠᠭᠠᠷᠠᠨ᠎ᠠ᠃ ᠠᠪᠠᠭ᠎ᠠ ᠬᠤᠰᠢᠭᠤᠨ ᠤ |
ᠬᠤᠶᠠᠳᠤᠭᠠᠷ ᠳᠤᠮᠳᠠᠳᠤ ᠰᠤᠷᠭᠠᠭᠤᠯᠢ ᠨᠢ ᠣᠯᠠᠨ ᠵᠢᠯ ᠤᠨ ᠡᠮᠦᠨ᠎ᠡ ᠠᠴᠠ ᠬᠡᠳᠦᠨ ᠦᠶ᠎ᠡ ᠶᠢᠨ ᠵᠠᠬᠢᠷᠤᠯ ᠰᠡᠳᠭᠢᠯ |
ᠨᠢᠭᠡᠲᠡᠢ ᠮᠣᠩᠭᠤᠯ ᠰᠢᠲᠠᠷ᠎ᠠ ᠶᠢᠨ ᠬᠦᠮᠦᠵᠢᠯ ᠢ ᠴᠢᠬᠤᠯᠠᠴᠢᠯᠠᠭᠰᠠᠭᠠᠷ ᠢᠷᠡᠵᠡᠢ᠃ 2012 ᠤᠨ ᠳᠤ ᠲᠤᠰᠬᠠᠢ |
ᠮᠣᠩᠭᠤᠯ ᠰᠢᠲᠠᠷ᠎ᠠ ᠶᠢᠨ ᠳᠤᠷ᠎ᠠ ᠰᠣᠨᠢᠷᠬᠠᠯ ᠤᠨ ᠠᠩᠭᠢ ᠭᠠᠷᠭᠠᠵᠤ᠂ 2014 ᠣᠨ ᠠᠴᠠ ᠰᠢᠷᠡᠭᠡ ᠰᠠᠨᠳᠠᠯᠢ ᠠᠴᠠ |
ᠡᠬᠢᠯᠡᠨ ᠪᠦᠬᠦ ᠵᠦᠢᠯ ᠢ ᠮᠠᠰᠢ ᠪᠦᠷᠢᠨ ᠲᠥᠬᠦᠷ ᠪᠤᠯᠭᠠᠨ᠂ ᠤᠳᠤ ᠪᠤᠯᠬᠤ ᠳᠤ ᠡᠨᠡᠬᠦ ᠲᠤᠷ᠎ᠠ ᠰᠤᠨᠢᠷᠬᠠᠯ ᠤᠨ ᠠᠩᠬᠢ |
ᠳᠤ ᠪᠠᠨ 32 ᠰᠤᠷᠤᠭᠴᠢ ᠲᠠᠢ ᠪᠠᠶᠢᠵᠦ᠂ ᠰᠤᠶᠤᠯᠲᠤ ᠪᠠᠭᠰᠢ ᠮᠡᠷᠭᠡᠵᠢᠯ ᠤᠨ ᠪᠠᠭᠰᠢ ᠪᠠᠷ ᠬᠢᠴᠢᠶᠡᠯᠯᠡᠵᠦ ᠪᠠᠶᠢᠭ᠎ᠠ᠃ |
ᠪᠠᠰᠠ ᠤᠷᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠮᠤᠩᠭᠤᠯ ᠰᠢᠳᠠᠷ᠎ᠠ ᠰᠡᠶᠢᠯᠦᠮᠡᠯ ᠤᠨ ᠤᠷ᠎ᠠ |
ᠮᠡᠷᠭᠡᠵᠢᠯ ᠤᠨ ᠤᠯᠠᠮᠵᠢᠯᠠᠭᠴᠢ ᠠ᠊ · ᠨᠣᠷᠪᠤ ᠭᠤᠸᠠᠢ ᠠᠴᠠ 200 ᠰᠢᠲᠠᠷ᠎ᠠ ᠲᠤᠰᠬᠠᠢ ᠵᠠᠬᠢᠶᠠᠯᠠᠵᠤ ᠠᠩᠭᠢ |
ᠪᠣᠯᠭᠠᠨ ᠳᠤ 4 ᠰᠢᠲᠠᠷ᠎ᠠ ᠦᠭᠴᠦ᠂ 2013 ︽ᠬᠠᠩᠭᠠᠢ ᠰᠢᠲᠠᠷ᠎ᠠ ᠶᠢᠨ ᠦᠷᠦᠭᠡ︾ ᠭᠡᠵᠦ ᠲᠤᠰᠬᠠᠢ |
ᠰᠢᠲᠠᠷ᠎ᠠ ᠶᠢᠨ ᠥᠷᠦᠭᠡ ᠲᠤᠬᠢᠷᠠᠭᠤᠯᠤᠨ᠂ ᠠᠯᠲᠠᠨᠬᠤᠶᠠᠭ ᠪᠠᠭᠰᠢ ᠶᠢ ᠲᠤᠰᠬᠠᠢ ᠰᠤᠷᠭᠠᠭᠴᠢ ᠪᠠᠷ ᠤᠷᠢᠵᠤ |
ᠠᠵᠢᠯᠯᠠᠭᠤᠯᠵᠤ ᠪᠠᠶᠢᠭᠰᠠᠨ᠃ ᠤᠳᠤ ᠪᠣᠯᠬᠤ ᠳᠤ 120 ᠬᠦᠮᠦᠨ ᠤ ᠤᠷᠤᠯᠳᠤᠭᠠᠨ ᠡᠷᠬᠢᠯᠡᠬᠦ ᠬᠡᠮᠵᠢᠶᠡᠨ ᠤ ᠰᠢᠷᠡᠭᠡ |
ᠰᠠᠨᠳᠠᠯᠢ ᠂ ᠤᠷᠤᠯᠳᠤᠭᠠᠨ ᠳᠤ ᠬᠡᠷᠡᠭᠯᠡᠬᠦ ᠴᠠᠭ᠂ ᠺᠣᠮᠫᠢᠦ᠋ᠲ᠋ᠧᠷ᠂ ᠳᠠᠷᠤᠮᠠᠯᠯᠠᠬᠤ ᠮᠠᠰᠢᠨ ᠵᠡᠷᠭᠡ ᠶᠢ ᠢᠵᠢ |
ᠪᠦᠷᠢᠳᠦᠬᠦᠯᠦᠭᠰᠡᠨ ᠮᠡᠷᠭᠡᠵᠢᠯ ᠤᠨ ᠤᠷᠤᠯᠳᠤᠭᠠᠨ ᠤ ᠬᠡᠷᠡᠭᠰᠡᠯ ᠲᠠᠢ ᠪᠠᠶᠢᠵᠤ᠂ ᠰᠤᠷᠤᠭᠴᠢᠳ ᠰᠤᠯᠠ ᠰᠡᠯᠡᠭᠦᠦ |
ᠴᠠᠭ ᠢᠶᠠᠷ ᠢᠶᠠᠨ ᠴᠤ ᠨᠠᠭᠠᠳᠬᠤ ᠨᠦᠬᠦᠴᠡᠯ ᠢ ᠬᠠᠩᠭᠠᠭᠰᠠᠨ ᠶᠤᠮ᠃ ᠡᠬᠦᠨ ᠠᠴᠠ ᠭᠠᠳᠠᠨ᠎ᠠ ᠵᠢᠯ ᠳᠤ ᠪᠠᠨ ᠬᠤᠶᠠᠷ |
ᠤᠳᠠᠭᠠᠨ ᠤ ᠤᠷᠤᠯᠳᠤᠭᠠᠨ ᠡᠷᠬᠢᠯᠡᠳᠡᠭ᠂ ᠨᠠᠮᠤᠷ ᠤᠨ ᠪᠡᠶ᠎ᠡ ᠲᠠᠮᠢᠷ ᠤᠨ ᠤᠷᠤᠯᠳᠤᠭᠠᠨ ᠪᠠ ᠤᠶᠤᠨ ᠤ ᠲᠠᠮᠢᠷ ᠤᠨ |
ᠤᠷᠤᠯᠳᠤᠭᠠᠨ ᠬᠢᠵᠦ᠂ ᠣᠶᠤᠨ ᠤ ᠲᠠᠮᠢᠷ ᠤᠨ ᠤᠷᠤᠯᠳᠤᠭᠠᠨ ᠳᠤ ᠨᠢ ᠰᠢᠲᠠᠷ᠎ᠠ ᠶᠢᠨ ᠤᠷᠤᠯᠳᠤᠭᠠᠨ ᠪᠠᠶᠢᠳᠠᠭ᠂ |
ᠵᠤᠨ ᠤ ︽6.1︾ ᠤ ᠪᠦᠬᠡ ᠶᠢᠨ ᠨᠠᠶᠢᠷ ᠲᠠᠢ ᠬᠠᠮᠲᠤ ᠪᠠᠰᠠ ᠨᠢᠭᠡ ᠤᠳᠠᠭᠠᠨ ᠤ ᠰᠢᠲᠠᠷ᠎ᠠ ᠶᠢᠨ ᠤᠷᠤᠯᠳᠤᠭᠠᠨ |
ᠬᠢᠳᠡᠭ ᠶᠤᠮ ᠪᠠᠶᠢᠨ᠎ᠠ᠃ ᠡᠨᠡ ᠨᠢ ᠰᠢᠳᠠᠷ᠎ᠠ ᠳᠤ ᠰᠤᠨᠢᠷᠬᠠᠯ ᠲᠠᠢ ᠬᠡᠤᠭᠡᠳ ᠪᠠᠭᠠᠴᠤᠳ ᠲᠤ ᠤᠶᠤᠨ ᠢᠶᠠᠨ ᠰᠤᠷᠢᠬᠤ |
ᠨᠠᠨᠳᠢᠨ ᠲᠤᠬᠢᠶᠠᠯ ᠪᠤᠯᠵᠦ ᠪᠠᠶᠢᠳᠠᠭ ᠪᠤᠯ ᠨᠡᠩ ᠣᠯᠠᠨ ᠰᠤᠷᠤᠭᠴᠢᠳ ᠢ ᠤᠷᠮᠠᠰᠢᠭᠤᠯᠬᠤ ᠶᠢᠨ ᠲᠤᠯᠠᠳᠠ ᠣᠨ ᠤ |
ᠨᠢᠭᠡᠴᠢ ᠪᠠᠷ ᠱᠠᠩᠨᠠᠳᠠᠭ᠂ ᠵᠢᠱᠢᠶᠡᠯᠡᠪᠡᠯ ᠠᠩᠬ᠎ᠠ ᠨᠢᠭᠡ ᠶᠢᠨ ᠲᠦᠷᠦᠭᠦᠦ ᠨᠠᠢᠮᠠ᠂ ᠠᠩᠬ᠎ᠠ ᠬᠤᠶᠠᠷ ᠤᠨ ᠲᠦᠷᠦᠭᠦᠦ |
ᠨᠠᠢᠮᠠ ᠭᠡᠬᠦ ᠮᠡᠲᠦᠴᠢᠯᠡᠨ ᠰᠤᠷᠤᠭᠴᠢ ᠶᠢᠨ ᠬᠤᠪᠢ ᠪᠡᠶ᠎ᠡ ᠶᠢ ᠱᠠᠩᠨᠠᠬᠤ ᠠᠴᠠ ᠭᠠᠳᠠᠨ᠎ᠠ ᠪᠠᠰᠠ ᠠᠩᠭᠢ ᠨᠢᠭᠡᠴᠡ ᠪᠠᠷ |
ᠱᠠᠩᠨᠠᠳᠠᠭ ᠨᠢ ᠪᠠᠰᠠᠴᠦ ᠰᠤᠷᠤᠭᠴᠢᠳ ᠢᠶᠠᠨ ᠤᠷᠮᠠᠰᠢᠭᠤᠯᠤᠭᠰᠠᠨ ᠪᠠᠭ᠋ᠠᠷᠬᠠᠯᠳᠦ ᠦᠢᠯᠡ ᠭᠡᠯᠳᠠᠢ᠃ |
︽ᠮᠠᠨ ᠤ ᠨᠤᠲᠤᠭ ᠤᠨ ᠣᠨᠴᠠᠯᠢᠭ ᠠᠴᠠ ᠪᠣᠯᠵᠤ ᠬᠡᠦᠬᠡᠳ ᠤᠳ ᠰᠢᠲᠠᠷ᠎ᠠ ᠨᠠᠭᠠᠳᠬᠤ ᠮᠠᠰᠢ ᠳᠤᠷᠠᠲᠠᠢ᠂ |
ᠣᠯᠠᠩᠬᠢ ᠨᠢ ᠪᠦᠷ ᠭᠡᠷ ᠲᠤ ᠪᠠᠨ ᠰᠤᠷᠴᠢᠬᠠᠭᠰᠠᠨ ᠪᠠᠶᠢᠳᠠᠭ᠂ ᠭᠡᠷ ᠤᠨ ᠠᠬᠠᠮᠠᠳ ᠴᠤ ᠮᠠᠰᠢ ᠬᠦᠨᠳᠦᠳᠭᠡᠨ᠎ᠡ᠃ |
ᠨᠢᠭᠡᠳᠦᠭᠡᠷ ᠪᠠᠭ᠎ᠠ ᠰᠤᠷᠭᠠᠭᠤᠯᠢ ᠳᠤ ᠴᠤ ᠳᠤᠷ᠎ᠠ ᠰᠣᠨᠢᠷᠬᠠᠯ ᠤᠨ ᠠᠩᠭᠢ ᠳᠤ ᠰᠠᠭᠤᠷᠢ ᠶᠢ ᠨᠢ ᠲᠠᠯᠪᠢᠭᠠᠳ |
ᠥᠭᠭᠦᠴᠢᠬᠡᠨᠡ᠃ ᠢᠩᠭᠢᠬᠦᠯᠡᠷ ᠮᠠᠨ ᠤ ᠰᠤᠷᠭᠠᠭᠤᠯᠢ ᠨᠢ ᠡᠨᠡ ᠰᠠᠶᠢᠨ ᠰᠠᠭᠤᠷᠢᠨ ᠳᠡᠭᠡᠷ᠎ᠡ ᠪᠣᠯᠬᠤ ᠶᠢᠨ ᠳᠣᠲᠤᠷ᠎ᠠ |
ᠤᠯᠠᠮ ᠰᠠᠶᠢᠨ ᠪᠣᠯᠤᠮᠵᠢ ᠨᠥᠬᠦᠴᠡᠯ ᠢ ᠪᠦᠷᠢᠳᠦᠭᠦᠯᠬᠦ ᠪᠠᠷ ᠴᠢᠷᠮᠠᠶᠢᠵᠤ ᠪᠣᠢ︾ ᠬᠡᠮᠡᠨ ᠬᠤᠶᠠᠳᠤᠭᠠᠷ ᠳᠤᠮᠳᠠᠳᠤ |
ᠰᠤᠷᠭᠠᠭᠤᠯᠢ ᠶᠢᠨ ᠠᠭᠤᠯᠠ ᠪᠠᠭᠰᠢ ᠶᠠᠷᠢᠯ᠎ᠠ᠃ |
ᠵᠥᠪᠬᠡᠨ ᠬᠢᠴᠢᠶᠡᠯ ᠨᠣᠮ ᠳᠤ ᠯᠡ ᠪᠢᠰᠢ ᠬᠠᠷᠢᠨ ᠰᠤᠷᠤᠭᠴᠢ ᠶᠢᠨ ᠣᠯᠠᠨ ᠲᠠᠯ᠎ᠠ ᠶᠢᠨ ᠬᠦᠮᠦᠵᠢᠯ ᠢ |
ᠴᠢᠬᠤᠯᠠᠴᠢᠯᠠᠵᠤ᠂ ᠰᠤᠷᠤᠭᠴᠢ ᠪᠣᠯᠭᠠᠨ ᠢ ᠥᠪᠡᠷ ᠤᠨ ᠣᠨᠴᠠᠯᠢᠭ᠂ ᠲᠠᠪᠠᠭᠤᠯᠢᠭ ᠲᠠᠯ᠎ᠠ ᠤᠷᠤᠭᠤ ᠨᠢ |
ᠬᠥᠭᠵᠢᠭᠦᠯᠬᠦ ᠪᠠᠷ ᠴᠢᠷᠮᠠᠶᠢᠭᠰᠠᠨ ᠤᠬᠠᠭᠠᠯᠢᠭ ᠰᠤᠷᠭᠠᠨ ᠬᠦᠮᠦᠵᠢᠯ ᠡᠶᠢᠨᠬᠦ ᠪᠡᠶᠡᠯᠡᠯ ᠢᠶᠠᠨ ᠣᠯᠵᠤ ᠪᠣᠢ ᠶᠢ ᠰᠣᠳᠤᠨ |
ᠰᠤᠷᠤᠭᠴᠢᠳ ᠬᠢᠨᠢ ᠠᠮᠵᠢᠯᠲᠠ ᠬᠠᠷᠠᠭᠤᠯᠤᠨ᠎ᠠ᠃ |