ᠰᠤᠷᠪᠤᠯᠵᠢᠯᠠᠬᠴᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠡᠶ᠎ᠡ ᠶᠢᠨ ᠲᠠᠮᠢᠷ ᠤᠨ ᠶᠡᠷᠦᠩᠬᠡᠢ |
ᠵᠥᠪᠯᠡᠯ ᠠᠴᠠ ᠣᠶᠢᠯᠠᠭᠠᠭᠰᠠᠨ ᠢᠶᠠᠷ᠂ ᠲᠣᠰ ᠰᠠᠷ᠎ᠠ ᠶᠢᠨ 19 ᠤ ᠡᠳᠦᠷ᠂ ᠥᠪᠥᠷ ᠮᠣᠩᠭᠤᠯ ᠤᠨ ᠥᠪᠡᠷᠲᠡᠭᠡᠨ |
ᠵᠠᠰᠠᠬᠤ ᠣᠷᠣᠨ ᠤ ᠪᠡᠶ᠎ᠡ ᠶᠢᠨ ᠲᠠᠮᠢᠷ ᠤᠨ ᠶᠡᠷᠦᠩᠬᠡᠢ ᠵᠥᠪᠯᠡᠯ ᠠᠴᠠ ᠵᠢᠯᠤᠭᠤᠳᠴᠤ᠂ ᠥᠪᠥᠷ ᠮᠣᠩᠭᠤᠯ ᠤᠨ |
ᠬᠦᠷᠳᠦᠲᠦ ᠭᠤᠯᠭᠤᠭᠤᠷ ᠤᠨ ᠨᠡᠶᠢᠭᠡᠮᠯᠢᠭ᠂ ᠭᠦᠭᠡᠬᠤᠲᠠ ᠶᠢᠨ ᠪᠡᠶ᠎ᠡ ᠶᠢᠨ ᠲᠠᠮᠢᠷ ᠤᠨ ᠶᠡᠷᠦᠩᠬᠡᠢ ᠵᠥᠪᠯᠡᠯ ᠠᠴᠠ |
ᠭᠤᠣᠯᠯᠠᠨ ᠡᠷᠭᠢᠯᠡᠭᠰᠡᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠯ᠎ᠠ ᠨᠤᠲᠤᠭ ᠤᠨ ᠬᠦᠷᠳᠦᠲᠦ |
ᠭᠤᠯᠭᠤᠭᠤᠷ ᠤᠨ ᠢᠯᠡ ᠤᠷᠤᠯᠳᠤᠭᠠᠨ ᠭᠦᠭᠡᠬᠤᠲᠠ ᠶᠢᠨ ᠣᠯᠠᠨ ᠤᠯᠤᠰ ᠤᠨ ᠲᠠᠷᠢᠶᠠᠯᠠᠩ ᠤᠨ ᠦᠵᠡᠰᠭᠦᠯᠡᠩ ᠤᠨ |
ᠬᠦᠷᠢᠶᠡᠯᠡᠩ ︵ᠭᠡᠷ ᠳᠣᠲᠣᠷᠠᠬᠢ ᠣᠷᠳᠣᠨ︶ ᠳᠤ ᠡᠬᠢᠯᠡᠬᠦ ᠪᠣᠯᠣᠨ᠎ᠠ᠃ ᠤᠷᠤᠯᠳᠤᠭᠠᠨ ᠳᠤ ᠬᠤᠷᠳᠤ ᠰᠢᠯᠭᠠᠬᠤ |
ᠬᠦᠷᠳᠦᠲᠦ ᠭᠤᠯᠭᠤᠭᠤᠷ᠂ ᠴᠢᠯᠦᠭᠡᠲᠦ ᠬᠦᠷᠳᠦᠲᠦ ᠭᠤᠯᠭᠤᠭᠤᠷ᠂ ᠭᠤᠯᠭᠤᠭᠤᠷ ᠬᠠᠪᠲᠠᠰᠤ᠂ ᠲᠡᠩᠴᠡᠭᠦᠷᠢᠲᠦ |
ᠭᠤᠯᠭᠤᠭᠤᠷ ᠲᠡᠷᠭᠡ ᠵᠡᠷᠭᠡ 4 ᠶᠡᠭᠡ ᠲᠥᠷᠥᠯ ᠢ ᠲᠣᠬᠢᠷᠠᠭᠤᠯᠪᠠ᠃ ᠤᠷᠤᠯᠳᠤᠭᠠᠨ ᠡᠬᠢᠯᠡᠬᠦ ᠲᠠᠰᠢᠷᠠᠮ ᠳᠤ᠂ |
ᠴᠢᠯᠦᠭᠡᠲᠦ ᠬᠦᠷᠳᠦᠲᠦ ᠭᠤᠯᠭᠤᠭᠤᠷ ᠤᠨ ᠳᠡᠯᠡᠬᠡᠢ ᠶᠢᠨ ᠮᠠᠩᠯᠠᠢ ᠯᠢ ᠢᠦᠢ ᠴᠧᠨ᠂ ᠴᠢᠯᠦᠭᠡᠲᠦ ᠬᠦᠷᠳᠦᠲᠦ |
ᠭᠤᠯᠭᠤᠭᠤᠷ ᠤᠨ ᠪᠦᠭᠦ ᠤᠯᠤᠰ ᠤᠨ ᠮᠠᠩᠯᠠᠢ ᠸᠠᠩ ᠽᠢ ᠺᠠᠩ ᠨᠠᠷ ᠤᠷᠤᠯᠴᠠᠵᠦ ᠬᠦᠷᠳᠦᠲᠦ ᠭᠤᠯᠭᠤᠭᠤᠷ ᠲᠤ |
ᠪᠠᠭ᠋ᠠᠲᠠᠢ ᠬᠥᠮᠥᠰ ᠤᠨ ᠬᠦᠷᠦᠯᠴᠡᠨ ᠢᠷᠡᠬᠦ ᠶᠢ ᠤᠷᠢᠵᠤ ᠪᠠᠶᠢᠨ᠎ᠠ᠃ |
|
|
|
|
|
|
|
|
|
|
|
᠁ |