4 ᠰᠠᠷ᠎ᠠ ᠶᠢᠨ 23 ᠤ ᠡᠳᠦᠷ᠂ ᠲᠦᠩᠯᠢᠶᠣᠣ ᠬᠤᠲᠠ ᠶᠢᠨ ᠤᠯᠠᠭᠠᠨᠮᠥ᠋ᠴᠢᠷ ᠰᠢ ᠵᠦᠴᠦᠭᠡ ᠶᠢ |
ᠤᠯᠠᠮᠵᠢᠯᠠᠨ ᠬᠥᠭᠵᠢᠭᠦᠯᠬᠦ ᠶᠠᠷᠢᠯᠴᠠᠬᠤ ᠬᠤᠷᠠᠯ ᠬᠢᠪᠡ᠃ ᠳᠤᠰ ᠶᠠᠷᠢᠯᠴᠠᠬᠤ ᠬᠤᠷᠠᠯ ᠳᠤ ᠲᠥᠪ ᠤᠨ ᠰᠢ |
ᠵᠦᠴᠦᠭᠡ ᠶᠢᠨ ᠳᠡᠭᠡᠳᠦ ᠰᠤᠷᠭᠠᠭᠤᠯᠢ ᠶᠢᠨ ᠰᠢ ᠵᠦᠴᠦᠭᠡ ᠶᠢᠨ ᠤᠳᠬ᠎ᠠ ᠵᠣᠬᠢᠶᠠᠯ ᠤᠨ ᠰᠠᠯᠪᠤᠷᠢ ᠶᠢᠨ ᠫᠷᠣᠹᠧᠰᠰᠣᠷ |
᠂ ᠳ᠋ᠣᠺᠲ᠋ᠣᠷ ᠤᠨ ᠵᠢᠯᠣᠭᠤᠳᠤᠭᠴᠢ ᠮᠠ ᠭᠦᠸᠧ ᠵᠢᠶᠦ᠋ᠨ᠂ ᠲᠥᠪ ᠤᠨ ᠰᠢ ᠵᠦᠴᠦᠭᠡ ᠶᠢᠨ ᠳᠡᠭᠡᠳᠦ |
ᠰᠤᠷᠭᠠᠭᠤᠯᠢ ᠶᠢᠨ ᠲᠣᠬᠯᠠᠯᠲᠠ ᠶᠢᠨ ᠰᠠᠯᠪᠤᠷᠢ ᠶᠢᠨ ᠫᠷᠣᠹᠧᠰᠰᠣᠷ᠂ ᠳ᠋ᠣᠺᠲ᠋ᠣᠷᠠᠨᠲ ᠤᠨ ᠪᠠᠭᠰᠢ ᠮᠠ ᠱᠦ ᠶᠦᠨ |
ᠶᠠᠷᠢᠯᠴᠠᠬᠤ ᠬᠤᠷᠠᠯ ᠳᠤ ᠮᠣᠷᠢᠯᠠᠨ ᠰᠠᠭᠠᠲᠠᠵᠤ ᠵᠢᠭᠠᠨ ᠵᠢᠯᠤᠭᠤᠳᠴᠤ᠂ ᠲᠦᠩᠯᠢᠶᠣᠣ ᠬᠤᠲᠠ ᠶᠢᠨ ᠨᠠᠮ ᠤᠨ |
ᠬᠤᠷᠢᠶᠠᠨ ᠤ ᠤᠬᠠᠭᠤᠯᠬᠤ ᠬᠡᠯᠲᠡᠰ ᠤᠨ ᠳᠡᠳ᠋ ᠳᠠᠷᠤᠭ᠎ᠠ᠂ ᠰᠣᠨᠢᠨ ᠮᠡᠳᠡᠭᠡ ᠬᠡᠪᠯᠡᠯ ᠤᠨ ᠡᠷᠬᠡ ᠶᠢᠨ ᠲᠣᠪᠴᠢᠶᠠᠨ ᠤ |
ᠳᠠᠷᠤᠭ᠎ᠠ ᠰᠢᠨ ᠰᠢᠨ ᠵᠢᠴᠢ ᠲᠦᠩᠯᠢᠶᠣᠣ ᠬᠤᠲᠠ ᠶᠢᠨ ᠤᠯᠠᠭᠠᠨᠮᠥ᠋ᠴᠢᠷ ᠤᠨ ᠤᠳᠤᠷᠢᠳᠬᠤ ᠪᠠᠭ ᠪᠣᠯᠣᠨ ᠵᠣᠬᠢᠶᠠᠨ |
ᠪᠦᠲᠦᠭᠡᠭᠴᠢᠳ ᠬᠠᠮᠲᠤ ᠣᠷᠣᠯᠴᠠᠪᠠ᠃ |
ᠲᠤᠰᠬᠠᠢ ᠮᠡᠷᠭᠡᠵᠢᠯᠲᠡᠨ ᠤ ᠳᠤᠭᠤᠶᠢᠯᠠᠩ ᠤᠨ ᠬᠢᠨ ᠤᠷᠢᠳ ᠢᠶᠠᠷ ᠲᠦᠩᠯᠢᠶᠣᠣ ᠬᠤᠲᠠ ᠶᠢᠨ |
ᠤᠯᠠᠭᠠᠨᠮᠥ᠋ᠴᠢᠷ ᠤᠨ ᠪᠥᠵᠢᠭ ᠤᠨ ᠲᠢᠩᠬᠢᠮ ᠳᠤ ᠬᠦᠷᠴᠦ᠂ ᠪᠥᠵᠢᠭᠴᠢᠳ ᠪᠣᠯᠣᠨ ᠪᠣᠳᠠᠰ ᠤᠨ ᠪᠤᠰᠤ ᠰᠣᠶᠣᠯ ᠤᠨ |
ᠥᠪ ᠤᠨ ᠵᠠᠯᠭᠠᠮᠵᠢᠯᠠᠭᠴᠢ ᠶᠢᠨ ᠲᠣᠭᠯᠠᠭᠰᠠᠨ ᠮᠣᠩᠭᠤᠯ ᠪᠥᠵᠢᠭ᠂ ᠮᠣᠩᠭᠤᠯ ᠦᠨᠳᠦᠰᠦᠲᠡᠨ ᠤ ᠳᠥᠷᠪᠡᠨ |
ᠤᠲᠠᠰᠤᠲᠤ ᠬᠤᠭᠤᠷ᠂ ᠴᠤᠭᠤᠷ᠂ ᠮᠣᠷᠢᠨ ᠬᠤᠭᠤᠷ᠂ ᠤᠷᠲᠤ ᠶᠢᠨ ᠳᠠᠭᠤᠤ ᠵᠡᠷᠭᠡ ᠦᠨᠳᠦᠰᠦᠲᠡᠨ ᠤ ᠣᠨᠴᠠᠯᠢᠭ |
ᠲᠠᠢ ᠭᠤᠴᠣ ᠰᠠᠶᠢᠬᠠᠨ ᠲᠣᠬᠯᠠᠯᠲᠠ ᠨᠤᠭᠤᠳ ᠢ ᠰᠣᠨᠢᠷᠬᠠᠪᠠ᠃ |
ᠶᠠᠷᠢᠯᠴᠠᠬᠤ ᠬᠤᠷᠠᠯ ᠳᠡᠭᠡᠷ᠎ᠡ᠂ ᠪᠦᠯᠭᠦᠮ ᠤᠨ ᠳᠠᠷᠤᠭ᠎ᠠ ᠵᠠᠩ ᠪᠤᠤ ᠪᠢᠩ ᠬᠤᠶᠠᠷ ᠲᠤᠰᠬᠠᠢ ᠮᠡᠷᠭᠡᠵᠢᠯᠲᠡᠨ ᠳᠤ |
ᠲᠦᠩᠯᠢᠶᠣᠣ ᠬᠤᠲᠠ ᠶᠢᠨ ᠤᠯᠠᠭᠠᠨᠮᠥ᠋ᠴᠢᠷ ᠤᠨ ᠶᠡᠷᠦᠩᠬᠡᠢ ᠪᠠᠶᠢᠳᠠᠯ ᠪᠠ ᠬᠥᠭᠵᠢᠯᠲᠡ ᠶᠢᠨ ᠲᠣᠶᠢᠮᠣ ᠪᠠᠶᠢᠳᠠᠯ ᠢ |
ᠲᠠᠨᠢᠯᠴᠠᠭᠤᠯᠵᠤ᠂ ᠪᠠᠰᠠ ᠲᠦᠩᠯᠢᠶᠣᠣ ᠬᠤᠲᠠ ᠶᠢᠨ ᠤᠯᠠᠭᠠᠨᠮᠥ᠋ᠴᠢᠷ ᠤᠨ ᠲᠣᠭᠯᠠᠭᠴᠢᠳ ᠤᠨ ᠬᠤᠪᠢᠰᠬᠠᠯ ᠤᠨ |
ᠭᠤᠣᠯ ᠰᠡᠳᠦᠪᠲᠦ ᠳᠠᠭᠤᠯᠠᠯᠳᠤ ᠵᠦᠴᠦᠭᠡ ︽ᠭᠡᠷ ᠤᠨ ᠪᠢᠴᠢᠭ︾ ᠢ ᠲᠤᠰᠬᠠᠢ ᠮᠡᠷᠭᠡᠵᠢᠯᠲᠡᠳ ᠲᠠᠢ ᠬᠠᠮᠲᠤ |
ᠭᠦᠨᠵᠡᠭᠡᠢ ᠰᠤᠳᠤᠯᠤᠯᠲᠠ ᠬᠢᠵᠡᠢ᠃ |
ᠫᠷᠣᠹᠧᠰᠰᠣᠷ ᠮᠠ ᠱᠦ ᠶᠦᠨ ᠥᠪᠡᠷ ᠤᠨ ᠥᠩᠭᠡᠷᠡᠯᠲᠡ ᠲᠠᠢ ᠪᠠᠨ ᠤᠶᠠᠯᠳᠤᠭᠤᠯᠵᠤ᠂ ᠨᠢᠭᠡᠨ ᠠᠮᠢᠳᠤᠯᠢᠭ |
ᠰᠢ ᠵᠦᠴᠦᠭᠡ ᠶᠢᠨ ᠦᠯᠢᠭᠡᠷ ᠢᠶᠠᠷ ᠲᠦᠩᠯᠢᠶᠣᠣ ᠬᠤᠲᠠ ᠶᠢᠨ ᠤᠯᠠᠭᠠᠨᠮᠥ᠋ᠴᠢᠷ ᠤᠨ ᠬᠤᠪᠢᠰᠬᠠᠯᠲᠤ ᠭᠤᠣᠯ |
ᠰᠡᠳᠦᠪᠲᠦ ᠳᠠᠭᠤᠯᠠᠯᠳᠤ ᠵᠦᠴᠦᠭᠡ ︽ᠭᠡᠷ ᠤᠨ ᠪᠢᠴᠢᠭ︾ ᠲᠤ ᠡᠷᠬᠢᠮ ᠨᠠᠨᠳᠢᠨ ᠰᠠᠨᠠᠯ ᠰᠠᠨᠠᠭᠤᠯᠭ᠎ᠠ ᠪᠠᠨ |
ᠳᠤᠷᠠᠳᠤᠭᠰᠠᠨ ᠪᠠᠶᠢᠨ᠎ᠠ᠃ ᠳᠡᠷᠡ᠄ ︽ᠳᠠᠭᠤᠯᠠᠯᠳᠤ ᠵᠦᠴᠦᠭᠡ ︿ᠭᠡᠷ ᠤᠨ ᠪᠢᠴᠢᠭ﹀ ᠨᠢ ᠤᠮᠠᠷᠠᠲᠤ ᠬᠢᠯᠢ ᠶᠢᠨ |
ᠦᠯᠢᠭᠡᠷ ᠳᠠᠭᠤᠷᠢᠶᠠᠯ ᠪᠣᠯᠤᠭᠰᠠᠨ ᠷᠧᠨ ᠮᠢᠩ ᠳ᠋ᠧ ᠨᠦᠢᠭᠦᠷ ᠤᠨ ᠦᠯᠢᠭᠡᠷ ᠢᠶᠠᠷ ᠡᠬᠢ ᠦᠨᠳᠦᠰᠦ ᠠᠪᠴᠤ᠂ ᠣᠯᠠᠨ |
ᠵᠢᠯ ᠳᠠᠮᠵᠢᠵᠤ ᠶᠠᠪᠤᠭᠰᠠᠨ ︿ᠭᠡᠷ ᠤᠨ ᠪᠢᠴᠢᠭ﹀ ᠢᠶᠠᠷ ᠰᠢ ᠵᠦᠴᠦᠭᠡ ᠶᠢᠨ ᠴᠥᠮ᠎ᠡ ᠪᠤᠯᠭᠠᠵᠤ᠂ ᠰᠡᠳᠬᠢᠮᠵᠢ ᠲᠠᠢ᠂ |
ᠳᠣᠲᠣᠭᠠᠳᠤ ᠠᠭᠤᠯᠭ᠎ᠠ ᠲᠠᠢ ᠰᠢᠯᠢᠳᠡᠭ ᠪᠦᠲᠦᠭᠡᠯ ᠪᠣᠯᠣᠨ᠎ᠠ᠃ ᠳᠤᠰ ᠪᠦᠲᠦᠭᠡᠯ ᠳᠤ ᠳᠦᠷᠢ ᠶᠢ ᠱᠤᠭᠤᠵᠤ᠂ |
ᠬᠥᠮᠥᠨ ᠤ ᠵᠠᠩ ᠴᠢᠨᠠᠷ ᠢ ᠪᠦᠲᠦᠭᠡᠬᠦ ᠳᠤ ᠨᠡᠩ ᠢᠯᠡᠭᠦᠦ ᠬᠦᠴᠦ ᠲᠠᠯᠪᠢᠬᠤ ᠶᠢ ᠰᠠᠨᠠᠭᠤᠯᠤᠶ᠎ᠠ᠃ ᠲᠡᠷᠡᠴᠢᠯᠡᠨ ᠰᠢ |
ᠵᠦᠴᠦᠭᠡ ᠶᠢᠨ ᠲᠣᠬᠯᠠᠯᠲᠠ ᠶᠢᠨ ᠳᠤᠮᠳᠠᠬᠢ ᠲᠠᠯᠠᠪᠤᠷ ᠤᠳᠠᠭ᠎ᠠ ᠪᠠ ᠴᠠᠭ ᠤᠨ ᠡᠵᠡᠮᠳᠡᠯ ᠢ ᠰᠠᠶᠢᠲᠤᠷ ᠬᠢᠵᠦ᠂ ᠣᠯᠠᠨ |
ᠦᠵᠡᠮᠵᠢ ᠪᠠ ᠣᠯᠠᠨ ᠴᠠᠭ ᠣᠷᠣᠨ ᠵᠠᠢ ᠶᠢᠨ ᠢᠯᠡᠷᠡᠬᠦ ᠭᠡᠯᠪᠡᠷᠢ ᠪᠠᠷ ᠦᠯᠢᠭᠡᠷ ᠦᠢᠯᠡ ᠶᠠᠪᠤᠳᠠᠯ ᠢᠶᠠᠨ ᠳᠡᠯᠭᠡᠨ |
ᠦᠵᠡᠭᠦᠯᠵᠦ᠂ ᠲᠣᠬᠯᠠᠯᠲᠠ ᠶᠢᠨ ᠪᠠᠭᠠᠵᠢ ᠬᠡᠷᠡᠭᠰᠡᠯ ᠳᠤ ᠲᠦᠰᠢᠭᠯᠡᠬᠦ ᠪᠠᠨ ᠪᠠᠭᠠᠰᠬᠠᠵᠤ᠂ ᠪᠠᠭ᠎ᠠ ᠥᠪᠡᠷ ᠤᠨ ᠥᠷᠲᠡᠭ |
ᠢᠶᠠᠷ ᠶᠡᠭᠡ ᠭᠤᠣᠯ ᠰᠡᠳᠦᠪ ᠢ ᠪᠡᠶᠡᠯᠡᠭᠦᠯᠬᠦ ᠶᠢ ᠠᠩᠬᠠᠷᠤᠭᠠᠷᠠᠢ︾ ᠭᠡᠵᠡᠢ᠃ |
ᠮᠠ ᠭᠦᠸᠧ ᠵᠢᠶᠦ᠋ᠨ ᠫᠷᠣᠹᠧᠰᠰᠣᠷ ᠵᠦᠴᠦᠭᠡ ᠶᠢᠨ ᠳᠡᠪᠲᠡᠷ ᠢ ᠪᠤᠢ ᠪᠤᠯᠭᠠᠬᠤ ᠵᠢᠴᠢ ᠲᠣᠬᠯᠠᠯᠲᠠ ᠭᠠᠷᠭᠠᠬᠤ |
ᠲᠠᠯ᠎ᠠ ᠪᠠᠷ ᠤᠯᠠᠮ ᠨᠢᠭᠡ ᠠᠯᠬᠤᠮ ᠤᠨ ᠰᠠᠨᠠᠭᠤᠯᠭ᠎ᠠ ᠳᠤᠷᠠᠳᠴᠤ᠂ ᠠᠮᠧᠷᠢᠺᠠ ᠶᠢ ᠡᠰᠡᠷᠭᠦᠴᠡᠨ ᠰᠣᠯᠣᠩᠭᠤᠰ ᠢ |
ᠲᠤᠰᠠᠯᠠᠬᠤ ᠲᠡᠶᠢᠨ ᠪᠣᠯ ᠨᠢᠭᠡᠨ ᠤᠳᠠᠭ᠎ᠠ ᠶᠢᠨ ᠲᠡᠮᠳᠡᠭᠯᠡᠭᠦᠰᠢᠲᠡᠢ ᠠᠭᠤᠤ ᠶᠡᠭᠡ ᠢᠯᠠᠯᠲᠠ ᠮᠥᠨ᠂ ᠵᠠᠪᠠᠯ |
ᠦᠯᠢᠭᠡᠷ ᠤᠨ ᠠᠬᠤᠢ ᠪᠠᠶᠢᠳᠠᠯ ᠢ ᠭᠦᠨᠵᠡᠭᠡᠢ ᠠᠭᠤᠳᠠᠯᠵᠤ᠂ ᠰᠢ ᠵᠦᠴᠦᠭᠡ ᠶᠢᠨ ᠳᠤᠮᠳᠠ ᠤᠯᠠᠭᠠᠨᠮᠥ᠋ᠴᠢᠷ ᠤᠨ |
ᠳᠠᠭᠤᠤ ᠪᠥᠵᠢᠭ ᠤᠨ ᠣᠨᠴᠠᠯᠢᠭ ᠢ ᠭᠦᠢᠴᠡᠳ ᠢᠯᠡᠷᠡᠭᠦᠯᠵᠦ᠂ ᠲᠦᠩᠯᠢᠶᠣᠣ ᠬᠤᠲᠠ ᠶᠢᠨ ᠤᠯᠠᠭᠠᠨᠮᠥ᠋ᠴᠢᠷ ᠤᠨ |
ᠬᠤᠪᠢᠰᠬᠠᠯᠲᠤ ᠭᠤᠣᠯ ᠰᠡᠳᠦᠪᠲᠦ ᠳᠠᠭᠤᠯᠠᠯᠳᠤ ᠵᠦᠴᠦᠭᠡ ︽ᠭᠡᠷ ᠤᠨ ᠪᠢᠴᠢᠭ︾ ᠤᠨ ᠲᠠᠶᠢᠰᠠᠨ ᠳᠤ ᠭᠠᠷᠴᠤ |
ᠲᠣᠭᠯᠠᠬᠤ ᠶᠢ ᠴᠢᠩ ᠰᠡᠳᠬᠢᠯ ᠠᠴᠠ ᠪᠠᠨ ᠬᠦᠰᠡᠨ ᠬᠦᠯᠢᠶᠡᠵᠦ ᠪᠠᠶᠢᠨ᠎ᠠ ᠭᠡᠪᠡ᠃ |
ᠰᠢᠨ ᠰᠢᠨ ᠶᠠᠷᠢᠯᠴᠠᠬᠤ ᠬᠤᠷᠠᠯ ᠳᠡᠭᠡᠷ᠎ᠡ ᠥᠪᠡᠷ ᠤᠨ ᠲᠥᠷᠥᠭᠳᠡᠯ ᠢᠶᠠᠨ ᠰᠣᠯᠢᠯᠴᠠᠵᠤ᠂ ᠬᠤᠶᠠᠷ |
ᠫᠷᠣᠹᠧᠰᠰᠣᠷ ᠤᠨ ᠵᠢᠯᠣᠭᠤᠳᠤᠯᠭ᠎ᠠ ᠪᠣᠯᠣᠨ ᠴᠢᠩ ᠰᠡᠳᠬᠢᠯ ᠤᠨ ᠵᠣᠷᠢᠭᠵᠢᠭᠤᠯᠤᠯ ᠳᠤ ᠲᠠᠯᠠᠷᠬᠠᠯ ᠢᠶᠠᠨ |
ᠢᠯᠡᠷᠬᠡᠶᠢᠯᠡᠪᠡ᠃ |
ᠵᠠᠩ ᠪᠤᠤ ᠪᠢᠩ᠂ ︽ᠭᠡᠷ ᠤᠨ ᠪᠢᠴᠢᠭ︾ ᠭᠡᠬᠦ ᠡᠨᠡ ᠬᠦ ᠪᠦᠲᠦᠭᠡᠯ ᠨᠢ ᠲᠦᠩᠯᠢᠶᠣᠣ ᠬᠤᠲᠠ ᠶᠢᠨ |
ᠤᠯᠠᠭᠠᠨᠮᠥ᠋ᠴᠢᠷ ᠤᠨ ᠵᠣᠬᠢᠶᠠᠨ ᠨᠠᠶᠢᠷᠠᠭᠤᠯᠬᠤ ᠠᠵᠢᠯᠲᠠᠳ ᠤᠨ ᠬᠠᠮᠲᠤ ᠶᠢᠨ ᠴᠢᠷᠮᠠᠶᠢᠯᠭ᠎ᠠ ᠶᠢ ᠨᠢᠭᠲᠠᠷᠠᠭᠤᠯᠵᠤ᠂ ︽ |
ᠥᠪᠡᠷ ᠤᠨ ᠪᠡᠶ᠎ᠡ ᠳᠡᠭᠡᠨ ᠰᠠᠭᠤᠷᠢᠯᠠᠵᠤ ᠵᠣᠬᠢᠶᠠᠨ ᠪᠦᠲᠦᠭᠡᠬᠦ︾ ᠶᠢᠨ ᠪᠠᠲᠤ ᠪᠠᠬᠢ ᠨᠢᠭᠡ ᠠᠯᠬᠤᠮ ᠪᠠᠶᠢᠵᠤ᠂ |
ᠥᠪᠡᠷ ᠢᠶᠠᠨ ᠵᠣᠬᠢᠶᠠᠨ ᠪᠦᠲᠦᠭᠡᠬᠦ ᠪᠠ ᠲᠣᠭᠯᠠᠬᠤ ᠪᠠᠷ ᠳᠠᠮᠵᠢᠨ᠂ ᠪᠦᠯᠭᠦᠮ ᠤᠨ ᠳᠣᠲᠣᠭᠠᠳᠤ ᠳᠠᠬᠢ |
ᠤᠳᠤᠷᠢᠳᠤᠭᠠᠴᠢ᠂ ᠵᠦᠴᠦᠭᠡ ᠨᠠᠶᠢᠷᠠᠭᠤᠯᠤᠭᠴᠢ᠂ ᠲᠣᠭᠯᠠᠭᠴᠢᠳ ᠲᠤ ᠤᠷᠲᠤ ᠬᠤᠭᠤᠴᠠᠭᠠᠨ ᠤ ᠪᠣᠯᠪᠠᠰᠤᠷᠠᠯ |
ᠬᠦᠷᠲᠡᠭᠡᠵᠦ᠂ ᠦᠨᠡᠨ ᠰᠡᠳᠬᠢᠯᠭᠡ ᠶᠢᠨ ᠲᠣᠬᠯᠠᠯᠲᠠ ᠪᠠᠷ ᠳᠠᠮᠵᠢᠨ᠂ ᠦᠵᠡᠭᠴᠢᠳ ᠲᠠᠢ ᠬᠥᠭᠦᠷᠭᠡ ᠬᠤᠯᠪᠣᠭᠠᠰᠤ |
ᠪᠠᠶᠢᠭᠤᠯᠬᠤ ᠠᠴᠢ ᠬᠤᠯᠪᠣᠭᠳᠠᠯ ᠲᠠᠢ ᠭᠡᠵᠦ ᠢᠯᠡᠳᠬᠡᠪᠡ᠃ ᠳᠡᠷᠡ ᠪᠠᠰᠠ᠂︽ᠳᠤᠰ ᠬᠤᠷᠠᠯ ᠳᠡᠭᠡᠷ᠎ᠡ᠂ ᠬᠤᠶᠠᠷ |
ᠫᠷᠣᠹᠧᠰᠰᠣᠷ ᠤᠨ ᠡᠷᠬᠢᠮ ᠨᠠᠨᠳᠢᠨ ᠰᠠᠨᠠᠯ ᠰᠠᠨᠠᠭᠤᠯᠭ᠎ᠠ ᠨᠢ ᠣᠳᠣᠬᠠᠨ ᠤ ᠲᠦᠩᠯᠢᠶᠣᠣ ᠬᠤᠲᠠ ᠶᠢᠨ |
ᠤᠯᠠᠭᠠᠨᠮᠥ᠋ᠴᠢᠷ ᠤᠨ ᠵᠦᠴᠦᠭᠡ ᠶᠢᠨ ᠵᠣᠬᠢᠶᠠᠨ ᠪᠦᠲᠦᠭᠡᠯᠲᠡ ᠪᠣᠯᠣᠨ ᠲᠣᠬᠯᠠᠯᠳᠠ ᠳᠤ ᠮᠠᠰᠢ ᠶᠡᠭᠡ ᠠᠬᠢᠭᠤᠯᠬᠤ |
ᠦᠢᠯᠡᠳᠦᠯ ᠦᠵᠡᠭᠦᠯᠪᠡ᠃ ᠳᠠᠷᠠᠭᠠᠴᠢ ᠶᠢᠨ ᠠᠯᠬᠤᠮ ᠤᠨ ᠠᠵᠢᠯ ᠤᠨ ᠳᠤᠮᠳᠠ ᠪᠠᠨ᠂ ᠡᠭᠦᠳᠦᠨ ᠪᠦᠲᠦᠭᠡᠭᠴᠢ |
ᠵᠢᠴᠢ ᠨᠠᠶᠢᠷᠠᠭᠤᠯᠤᠭᠴᠢ ᠠᠴᠠ ᠬᠤᠪᠢᠰᠬᠠᠯ ᠤᠨ ᠭᠤᠣᠯ ᠰᠡᠳᠦᠪᠲᠦ ᠳᠠᠭᠤᠯᠠᠯᠳᠤ ᠵᠦᠴᠦᠭᠡ ︿ᠭᠡᠷ ᠤᠨ ᠪᠢᠴᠢᠭ﹀ ᠢ |
ᠨᠡᠩ ᠨᠠᠷᠢᠨ ᠨᠢᠮᠪᠠᠢ ᠳᠠᠪᠲᠠᠨ ᠪᠤᠯᠪᠠᠰᠤᠷᠠᠭᠤᠯᠵᠤ᠂ ᠭᠦᠨᠴᠡ ᠲᠠᠢ᠂ ᠠᠭᠤᠯᠤᠭᠳᠠᠬᠤᠨ ᠲᠠᠢ᠂ ᠠᠷᠠᠳ ᠣᠯᠠᠨ ᠤ |
ᠦᠵᠡᠵᠦ ᠰᠣᠨᠢᠷᠬᠠᠬᠤ ᠳᠤᠷᠠᠲᠠᠢ ᠤᠷᠠᠯᠢᠭ ᠤᠨ ᠨᠢᠭᠡᠨ ᠰᠢᠯᠢᠳᠡᠭ ᠪᠦᠲᠦᠭᠡᠯ ᠪᠤᠯᠭᠠᠬᠤ ᠪᠠᠷ ᠴᠢᠷᠮᠠᠶᠢᠨ᠎ᠠ︾ ᠭᠡᠪᠡ ᠃ |
|
︵ᠳᠤᠰ ᠡᠬᠡ ᠪᠢᠴᠢᠭ ᠢ ᠲᠦᠩᠯᠢᠶᠣᠣ ᠬᠤᠲᠠ ᠶᠢᠨ ᠤᠯᠠᠭᠠᠨᠮᠥ᠋ᠴᠢᠷ ᠠᠴᠠ ᠬᠠᠩᠭᠠᠪᠠ︶ |
|
|
|
|
|
|
|
|
|
|
|
᠁ |