|
|
|
|
11 ᠰᠠᠷ᠎ᠠ ᠶᠢᠨ 22 ᠤ ᠡᠳᠦᠷ᠂ 2024 ᠳᠤᠮᠳᠠᠳᠤ ᠤᠯᠤᠰ · ᠦᠬᠠᠶ ᠶᠢᠨ ᠡᠯᠡᠰᠦᠨ ᠴᠦᠯ ᠤᠨ ᠨᠣᠭᠤᠭᠠᠨ |
ᠪᠦᠷᠢᠳᠦ ᠶᠢᠨ ᠡᠬᠡ ᠭᠠᠵᠠᠷ ᠤᠨ ᠤᠷᠠᠯᠢᠭ ᠤᠨ ᠤᠯᠠᠷᠢᠯ ᠶᠤᠸᠡᠢ ᠢᠦᠢ ᠨᠣᠮ ᠤᠨ ᠪᠠᠭᠠᠷ ᠲᠤ ᠬᠥᠰᠢᠭᠡ ᠪᠠᠨ ᠰᠡᠬᠦᠪᠡ |
᠃ ᠬᠤᠲᠠ ᠶᠢᠨ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠤᠬᠠᠭᠤᠯᠬᠤ ᠬᠡᠯᠲᠡᠰ ᠤᠨ ᠳᠠᠷᠤᠭ᠎ᠠ ᠮᠧᠩ ᠫᠸᠢ |
ᠶᠦᠨ ᠬᠤᠷᠠᠯ ᠳᠤ ᠣᠷᠣᠯᠴᠠᠵᠤ ᠪᠠᠶᠠᠷ ᠤᠨ ᠦᠭᠡ ᠬᠡᠯᠡᠵᠦ᠂ ᠬᠤᠲᠠ ᠶᠢᠨ ᠤᠳᠤᠷᠢᠳᠤᠯᠭ᠎ᠠ ᠿᠧᠨ ᠵᠢᠶ ᠬᠤᠸᠠ᠂ |
ᠵᠠᠩ ᠶᠦᠩ᠂ ᠹᠦ᠋ ᠲᠢᠩ ᠯᠢᠨ ᠠᠵᠢᠯᠯᠠᠭ᠎ᠠ ᠳᠤ ᠣᠷᠣᠯᠴᠠᠪᠡ᠃ ᠡᠬᠢᠯᠡᠯᠲᠡ ᠶᠢᠨ ᠶᠣᠰᠣᠯᠠᠯ ᠳᠡᠭᠡᠷ᠎ᠡ᠂ 4 ᠲᠠᠯᠠᠪᠤᠷ |
ᠰᠠᠯᠤᠨ ᠤ ᠠᠵᠢᠯᠯᠠᠭ᠎ᠠ ᠨᠢ ᠭᠤᠶᠢᠳᠠ ᠰᠠᠶᠢᠬᠠᠨ ᠪᠣᠯᠵᠣ᠂ ᠠᠵᠢᠯᠯᠠᠭ᠎ᠠ ᠳᠤ ᠣᠷᠣᠯᠴᠠᠭᠰᠠᠨ ᠬᠦᠨᠳᠦᠲᠦ ᠵᠣᠴᠢᠳ ︽ |
ᠦᠬᠠᠶ ᠳᠤ ᠢᠷᠡᠵᠦ᠂ ᠡᠯᠡᠰᠦ ᠪᠠ ᠨᠣᠭᠤᠭᠠᠨ ᠪᠦᠷᠢᠲᠤ ᠶᠢ ᠬᠠᠮᠲᠤ ᠪᠠᠷ ᠰᠣᠨᠢᠷᠬᠠᠶᠡ︾ ︽ᠨᠣᠭᠤᠭᠠᠨ ᠦᠬᠠᠶ ᠶᠢ |
ᠬᠠᠮᠲᠤ ᠪᠠᠷ ᠡᠳ᠋ᠯᠡᠵᠦ᠂ ᠢᠷᠡᠭᠡᠳᠦᠶ ᠪᠠᠨ ᠬᠠᠮᠲᠤ ᠪᠠᠷ ᠴᠤᠭᠴᠠᠯᠠᠶ᠎ᠠ︾ ︽ᠬᠠᠮᠲᠤ ᠪᠠᠷ ᠴᠤᠣᠷᠢᠶᠠᠳᠤᠭᠰᠠᠨ ᠡᠯᠡᠰᠦ ᠪᠠ |
ᠲᠡᠯᠡᠶ᠂ ᠪᠠᠶᠢᠭᠠᠯᠢ ᠪᠣᠯᠤᠨ ᠤᠷᠠᠯᠢᠭ ᠤᠨ ᠶᠠᠷᠢᠯᠴᠠᠭ᠎ᠠ︾ ︽ᠡᠯᠡᠰᠦ ᠮᠠᠩᠬᠠᠨ ᠳᠤ ᠨᠠᠶᠢᠷᠠᠯᠳᠣᠵᠣ᠂ ᠪᠠᠶᠢᠭᠠᠯᠢ ᠶᠢᠨ |
ᠬᠦᠴᠦᠨ ᠢ ᠬᠥᠭᠵᠢᠭᠡᠶ᠎ᠡ︾ ᠵᠡᠷᠭᠡ ᠭᠤᠤᠯ ᠰᠡᠳᠦᠪ ᠤᠨ ᠲᠣᠭᠤᠷᠢᠨ ᠳᠤ᠂ ᠣᠳᠣᠬᠢ ᠪᠠᠶᠢᠳᠠᠯ ᠢ ᠵᠠᠳᠠᠯᠵᠤ᠂ |
ᠰᠡᠳᠬᠢᠴᠡ ᠪᠠᠨ ᠰᠣᠯᠢᠴᠠᠵᠤ᠂ ᠦᠬᠠᠶ ᠬᠤᠲᠠ ᠶᠢᠨ ᠬᠥᠭᠵᠢᠯᠲᠡ ᠶᠢᠨ ᠬᠠᠨᠳᠤᠰᠢ ᠶᠢ ᠬᠠᠮᠲᠤ ᠪᠠᠷ ᠰᠦᠪᠡᠭᠴᠢᠯᠡᠵᠦ᠂ |
ᠢᠷᠡᠭᠡᠳᠦᠶ ᠶᠢᠨ ᠰᠣᠶᠣᠯ ᠵᠢᠭᠤᠯᠴᠢᠯᠠᠯ ᠤᠨ ᠠᠵᠤ ᠦᠢᠯᠡᠰ ᠤᠨ ᠴᠢᠨᠠᠷ ᠰᠠᠶᠢᠲᠠᠶ ᠬᠥᠭᠵᠢᠯᠲᠡ ᠳᠤ ᠬᠦᠴᠦᠨ ᠴᠢᠳᠠᠯ |
ᠣᠯᠭᠤᠪᠡ᠃ ᠠᠵᠢᠯᠯᠠᠭ᠎ᠠ ᠶᠢᠨ ᠲᠤᠬᠠᠶ ᠶᠢᠨ ᠲᠠᠯᠠᠪᠠᠢ ᠳᠤ᠂ ᠳ᠋ᠧᠩ ᠶᠠ ᠫᠢᠩ᠂ ᠵᠠᠩ ᠵᠢᠶᠦ᠋ᠨ ᠨᠢᠩ᠂ ᠲᠠᠨ ᠵᠦᠸᠧ |
᠂ ᠰᠢᠶᠠ ᠢᠦᠶ ᠵᠡᠷᠭᠡ 4 ᠨᠡᠷᠡᠲᠦ ᠬᠥᠮᠦᠰ ᠲᠤ ᠲᠣᠰ ᠲᠣᠰ ᠦᠬᠠᠶ ᠬᠤᠲᠠ ᠶᠢᠨ ᠪᠡᠶ᠎ᠡ ᠶᠢᠨ ᠲᠠᠮᠢᠷ ᠰᠣᠶᠣᠯ ᠤᠨ |
ᠨᠡᠶᠢᠲᠡ ᠶᠢᠨ ᠠᠰᠠᠷᠠᠮᠵᠢ ᠶᠢᠨ ᠲᠠᠨᠢᠯᠴᠠᠭᠤᠯᠭ᠎ᠠ ᠶᠢᠨ ᠡᠯᠴᠢ᠂ ᠦᠬᠠᠶ ᠬᠤᠲᠠ ᠶᠢᠨ ᠠᠮᠢ ᠠᠬᠤᠶ ᠶᠢᠨ |
ᠬᠠᠮᠠᠭᠠᠯᠠᠯᠲᠠ ᠶᠢᠨ ᠨᠡᠶᠢᠲᠡ ᠶᠢᠨ ᠠᠰᠠᠷᠠᠮᠵᠢ ᠶᠢᠨ ᠲᠠᠨᠢᠯᠴᠠᠭᠤᠯᠭ᠎ᠠ ᠶᠢᠨ ᠡᠯᠴᠢ᠂ ᠦᠬᠠᠶ ᠬᠤᠲᠠ ᠶᠢᠨ ᠰᠣᠶᠣᠯ |
ᠤᠷᠠᠯᠢᠭ ᠤᠨ ᠨᠡᠶᠢᠲᠡ ᠶᠢᠨ ᠠᠰᠠᠷᠠᠮᠵᠢ ᠶᠢᠨ ᠲᠠᠨᠢᠯᠴᠠᠭᠤᠯᠭ᠎ᠠ ᠶᠢᠨ ᠡᠯᠴᠢ᠂ ᠦᠬᠠᠶ ᠬᠤᠲᠠ ᠶᠢᠨ ᠡᠯᠡᠰᠦᠨ |
ᠴᠦᠯ ᠤᠨ ᠲᠠᠮᠢᠷ ᠤᠨ ᠬᠥᠳᠡᠯᠭᠡᠭᠡᠨ ᠤ ᠨᠡᠶᠢᠲᠡ ᠶᠢᠨ ᠠᠰᠠᠷᠠᠮᠵᠢ ᠶᠢᠨ ᠲᠠᠨᠢᠯᠴᠠᠭᠤᠯᠭ᠎ᠠ ᠶᠢᠨ ᠡᠯᠴᠢ ᠶᠢᠨ ᠢᠷᠠᠭᠤ |
ᠠᠯᠳᠠᠷ ᠤᠨ ᠴᠣᠯᠠ ᠭᠥᠷᠳᠡᠪᠡ᠃ ᠠᠵᠢᠯᠯᠠᠭ᠎ᠠ ᠶᠢᠨ ᠲᠤᠬᠠᠶ ᠶᠢᠨ ᠡᠳᠦᠷ᠂ ᠭᠤᠤᠯᠯᠠᠨ ᠡᠷᠬᠢᠯᠡᠭᠰᠡᠨ ᠲᠠᠯ᠎ᠠ ᠶᠢᠨ ᠬᠢᠨ |
ᠪᠠᠰᠠ ᠤᠷᠠᠯᠢᠭ ᠤᠨ ᠲᠣᠨᠣᠭᠯᠠᠯ ᠤᠨ ᠫᠠᠶᠢᠰᠠ ᠰᠡᠬᠦᠬᠦ ᠶᠣᠰᠣᠯᠠᠯ ᠶᠠᠪᠤᠭᠤᠯᠪᠠ᠃ |
|
|
|
|
|
|
|
|
|
|
|
|
|
|
|
|
|
|
|
|
|
|
|
᠁ |