|
|
ᠰᠢᠯᠢ ᠶᠢᠨ ᠭᠤᠣᠯ ᠠᠶᠢᠮᠠᠭ ᠤᠨ ᠵᠢᠭᠤᠯᠴᠢᠯᠠᠯ ᠤᠨ ᠦᠢᠯᠡᠴᠢᠯᠡᠭᠡᠨ ᠤ ᠲᠦᠪᠰᠢᠨ ᠢᠶᠠᠨ ᠲᠠᠰᠤᠷᠠᠯᠲᠠ ᠦᠭᠡᠢ |
ᠳᠡᠭᠡᠭᠰᠢᠯᠡᠭᠦᠯᠵᠦ᠂ ᠴᠢᠨᠠᠷ ᠰᠠᠶᠢᠲᠠᠢ ᠵᠢᠭᠤᠯᠴᠢᠯᠠᠯ ᠤᠨ ᠦᠢᠯᠡᠴᠢᠯᠡᠭᠡᠨ ᠤ ᠣᠷᠴᠢᠨ ᠨᠥᠬᠦᠴᠡᠯ ᠢ ᠪᠣᠶ ᠪᠣᠯᠭᠠᠵᠤ᠂ |
ᠠᠷᠠᠳ ᠣᠯᠠᠨ ᠤ ᠣᠯᠠᠨ ᠶᠠᠩᠵᠤᠴᠢᠯᠠᠭᠰᠠᠨ᠂ ᠴᠢᠨᠠᠷᠵᠢᠭᠰᠠᠨ ᠵᠢᠭᠤᠯᠴᠢᠯᠠᠯ ᠤᠨ ᠬᠡᠷᠡᠭᠴᠡᠭᠡ ᠶᠢ ᠲᠠᠰᠤᠷᠠᠯᠲᠠ ᠦᠭᠡᠢ |
ᠬᠠᠩᠭᠠᠬᠤ ᠶᠢᠨ ᠲᠥᠯᠥᠭᠡ᠂ ᠰᠢᠯᠢ ᠶᠢᠨ ᠭᠤᠣᠯ ᠠᠶᠢᠮᠠᠭ ᠲᠠᠪᠤᠨ ᠲᠠᠯ᠎ᠠ ᠪᠠᠷ ᠵᠢᠭᠤᠯᠴᠢᠯᠠᠭᠴᠢᠳ ᠲᠤ ᠳᠣᠲᠣᠨᠣᠰᠤᠭ |
ᠦᠢᠯᠡᠴᠢᠯᠡᠭᠡ ᠬᠠᠩᠭᠠᠬᠤ ᠪᠣᠯᠣᠨ᠎ᠠ᠃ |
ᠨᠢᠭᠡ ᠳᠤ᠂ ᠥᠪᠡᠷᠲᠡᠭᠡᠨ ᠲᠡᠷᠭᠡ ᠵᠢᠯᠤᠭᠤᠳᠬᠤ ᠵᠢᠭᠤᠯᠴᠢᠯᠠᠭᠴᠢᠳ ᠰᠢᠯᠢ ᠶᠢᠨ ᠭᠤᠣᠯ ᠠᠶᠢᠮᠠᠭ ᠲᠤ ᠵᠠᠮ |
ᠬᠠᠷᠢᠯᠴᠠᠭᠠᠨ ᠤ ᠲᠠᠯ᠎ᠠ ᠪᠠᠷ ᠬᠠᠤᠯᠢ ᠶᠢ ᠬᠥᠩᠭᠡᠪᠲᠦᠷ ᠵᠥᠷᠢᠴᠡᠬᠦ ᠳᠤ᠂ ᠤᠶᠠᠨ ᠬᠠᠲᠠᠨ ᠴᠢᠨᠠᠷᠲᠠᠢ ᠪᠠᠷ ᠬᠠᠤᠯᠢ |
ᠬᠡᠷᠡᠭᠵᠢᠭᠦᠯᠬᠦ ᠶᠢ ᠪᠠᠷᠢᠮᠲᠠᠯᠠᠨ᠂ ᠰᠤᠷᠭᠠᠨ ᠬᠥᠮᠥᠵᠢᠭᠦᠯᠬᠦ ᠪᠠᠷ ᠭᠤᠣᠯᠯᠠᠨ᠂ ︽ᠠᠩᠬᠠᠳᠠᠭᠴᠢ ᠵᠥᠷᠢᠴᠡᠯ ᠢ |
ᠲᠣᠷᠭᠠᠭᠤᠯᠢ ᠠᠴᠠ ᠬᠡᠯᠲᠦᠷᠢᠭᠦᠯᠦᠨ᠎ᠡ︾᠃ ᠬᠤᠶᠠᠷ ᠲᠤ᠂ ᠠᠶᠢᠮᠠᠭ ᠤᠨ ᠳᠣᠲᠣᠭᠠᠳᠤ ᠳᠤ ᠪᠠᠨ ᠥᠪᠡᠷᠲᠡᠭᠡᠨ ᠲᠡᠷᠭᠡ |
ᠵᠢᠯᠤᠭᠤᠳᠬᠤ ᠵᠢᠭᠤᠯᠴᠢᠯᠠᠭᠴᠢᠳ ᠤᠨ ᠵᠠᠮ ᠬᠠᠷᠢᠯᠴᠠᠭᠠᠨ ᠤ ᠠᠳᠡᠯ ᠢ ᠲᠦᠷᠭᠡᠨ ᠰᠢᠢᠳᠪᠦᠷᠢᠯᠡᠨ᠎ᠡ᠃ ᠬᠠᠤᠯᠢ |
ᠴᠠᠭᠠᠵᠠ ᠶᠢᠨ ᠲᠣᠭᠲᠠᠭᠠᠭᠰᠠᠨ ᠬᠡᠪᠴᠢᠶᠡᠨ ᠳᠤ᠂ ᠥᠪᠡᠷᠲᠡᠭᠡᠨ ᠲᠡᠷᠭᠡ ᠵᠢᠯᠤᠭᠤᠳᠬᠤ ᠵᠢᠭᠤᠯᠴᠢᠯᠠᠭᠴᠢᠳ ᠲᠤ |
ᠬᠤᠯᠪᠣᠭᠳᠠᠬᠤ ᠵᠠᠮ ᠬᠠᠷᠢᠯᠴᠠᠭᠠᠨ ᠤ ᠠᠳᠠᠯ ᠳᠤ ᠲᠦᠷᠭᠡᠨ ᠰᠢᠢᠳᠪᠦᠷᠢᠯᠡᠬᠦ ᠵᠠᠷᠴᠢᠮ ᠢ ᠨᠠᠶᠢᠳᠠᠪᠤᠷᠢᠵᠢᠭᠤᠯᠤᠨ᠎ᠠ᠃ |
ᠭᠤᠷᠪᠠ ᠳᠤ᠂ ︽ᠠᠭᠤᠳᠠᠮ ᠲᠠᠯ᠎ᠠ-ᠰᠢᠯᠢ ᠶᠢᠨ ᠭᠤᠣᠯ︾ ᠰᠣᠶᠣᠯ ᠵᠢᠭᠤᠯᠴᠢᠯᠠᠯ ᠤᠨ ᠠᠯᠪᠠᠨ ᠤ ᠣᠯᠠᠨ ᠨᠡᠶᠢᠲᠡ ᠶᠢᠨ |
ᠸᠢᠴᠠᠲ ᠲᠠᠪᠴᠠᠩ ᠠᠴᠠ ᠭᠤᠣᠯᠳᠠᠯᠭ᠎ᠠ ᠲᠠᠢ ᠵᠢᠭᠤᠯᠴᠢᠯᠠᠯ ᠤᠨ ᠦᠵᠡᠮᠵᠢ ᠶᠢᠨ ᠣᠷᠣᠨ ᠤ ᠴᠠᠭ ᠠᠭᠤᠷ ᠤᠨ |
ᠤᠷᠢᠳᠴᠢᠯᠠᠭᠰᠠᠨ ᠮᠡᠳᠡᠭᠡ ᠶᠢ ᠡᠳᠦᠷ ᠪᠦᠷᠢ ᠬᠦᠷᠭᠡᠨ᠎ᠡ᠃ ᠳᠥᠷᠪᠡ ᠳᠤ᠂ ᠵᠢᠭᠤᠯᠴᠢᠯᠠᠯ ᠤᠨ ᠦᠢᠯᠡᠴᠢᠯᠡᠭᠡᠨ ᠤ |
ᠠᠷᠠᠳ ᠲᠤ ᠲᠥᠬᠦᠮ ᠦᠵᠡᠭᠦᠯᠬᠦ ᠬᠠᠯᠠᠮᠰᠢᠯ ᠤᠲᠠᠰᠤᠨ ᠤ ᠦᠢᠯᠡᠴᠢᠯᠡᠭᠡᠨ ᠤ ᠶᠠᠰᠤ ᠴᠢᠨᠠᠷ ᠪᠠ ᠦᠢᠯᠡᠳᠦᠯ |
ᠴᠢᠳᠠᠪᠤᠷᠢ ᠶᠢ ᠲᠠᠰᠤᠷᠠᠯᠲᠠ ᠦᠭᠡᠢ ᠳᠡᠭᠡᠭᠰᠢᠯᠡᠭᠦᠯᠵᠦ᠂ 12345 ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ |
ᠠᠷᠠᠳ ᠲᠤ ᠲᠥᠬᠦᠮ ᠦᠵᠡᠭᠦᠯᠬᠦ ᠬᠠᠯᠠᠮᠰᠢᠯ ᠤᠲᠠᠰᠤᠨ ᠳᠤ ᠵᠢᠭᠤᠯᠴᠢᠯᠠᠯ ᠤᠨ ᠠᠰᠠᠭᠤᠨ ᠯᠠᠪᠯᠠᠬᠤ ᠲᠤᠰᠬᠠᠢ |
ᠰᠠᠭᠤᠳᠠᠯ ᠭᠠᠷᠭᠠᠵᠤ᠂ ᠵᠢᠭᠤᠯᠴᠢᠯᠠᠯ ᠤᠨ ᠠᠰᠠᠭᠤᠨ ᠯᠠᠪᠯᠠᠬᠤ ᠦᠢᠯᠡᠴᠢᠯᠡᠭᠡᠨ ᠤ ᠠᠰᠠᠭᠤᠳᠠᠯ ᠢ ᠭᠥᠯᠢᠶᠡᠨ ᠠᠪᠴᠤ |
ᠰᠢᠢᠳᠪᠦᠷᠢᠯᠡᠵᠦ᠂ ᠭᠤᠶᠤᠴᠢᠯᠠᠯ ᠪᠠᠶᠢᠪᠠᠯ ᠵᠠᠪᠠᠯ ᠬᠦᠯᠢᠶᠡᠵᠦ᠂ ᠭᠤᠶᠤᠴᠢᠯᠠᠯ ᠪᠠᠶᠢᠪᠠᠯ ᠵᠠᠪᠠᠯ ᠬᠠᠷᠢᠭᠤᠯᠬᠤ ᠶᠢ |
ᠪᠡᠶᠡᠯᠡᠭᠦᠯᠦᠨ᠎ᠡ᠃ ᠲᠠᠪᠤ ᠳᠤ᠂ ᠪᠥᠬᠦ ᠠᠶᠢᠮᠠᠭ ᠤᠨ ᠡᠯ᠎ᠡ ᠭᠠᠵᠠᠷ ᠴᠢᠨᠠᠷ ᠰᠠᠶᠢᠲᠠᠢ ᠵᠢᠭᠤᠯᠴᠢᠯᠠᠯ ᠤᠨ ᠬᠡᠷᠡᠭᠯᠡᠭᠡᠨ ᠤ |
ᠣᠷᠴᠢᠨ ᠨᠥᠬᠦᠴᠡᠯ ᠢ ᠪᠣᠶ ᠪᠣᠯᠭᠠᠵᠤ᠂ ᠢᠳᠡᠭᠡᠨ ᠤᠮᠳᠠᠭᠠᠨ᠂ ᠬᠤᠨᠤᠭ ᠪᠠᠭᠤᠳᠠᠯ᠂ ᠵᠠᠮ ᠬᠠᠷᠢᠯᠴᠠᠭ᠎ᠠ᠂ ᠪᠠᠷᠠᠭ᠎ᠠ |
ᠬᠤᠳᠠᠯᠳᠤᠭ᠎ᠠ᠂ ᠵᠤᠭ᠎ᠠ ᠴᠡᠩᠭᠡᠯ ᠵᠡᠷᠭᠡ ᠬᠤᠯᠪᠣᠭᠳᠠᠯ ᠪᠦᠬᠦᠢ ᠬᠦᠷᠢᠶᠡᠨ ᠳᠠᠬᠢ ᠵᠢᠭᠤᠯᠴᠢᠯᠠᠭᠴᠢᠳ ᠲᠤ ᠦᠢᠯᠡᠴᠢᠯᠡᠬᠦ |
ᠪᠠᠲᠤᠯᠠᠭ᠎ᠠ ᠶᠢᠨ ᠠᠵᠢᠯ ᠢ ᠰᠠᠶᠢᠲᠤᠷ ᠬᠢᠵᠦ᠂ ᠠᠯᠪᠠᠳᠠᠯᠭ᠎ᠠ ᠪᠠᠷ ᠠᠷᠠᠯᠵᠢᠶᠠᠯᠠᠬᠤ᠂ ᠬᠤᠳᠠᠯ ᠬᠠᠭᠤᠷᠮᠠᠭ ᠢᠶᠠᠷ |
ᠤᠬᠠᠭᠤᠯᠬᠤ᠂ ᠠᠶᠠᠨᠴᠢᠳ ᠢ ᠮᠡᠬᠡᠯᠡᠵᠦ ᠬᠢᠬᠠᠬᠤ ᠵᠡᠷᠭᠡ ᠬᠠᠤᠯᠢ ᠲᠣᠭᠲᠠᠭᠠᠯ ᠠᠴᠠ ᠵᠥᠷᠢᠴᠡᠭᠰᠡᠨ ᠦᠢᠯᠡ |
ᠠᠵᠢᠯᠯᠠᠭ᠎ᠠ ᠶᠢ ᠡᠷᠡᠰ ᠬᠤᠷᠢᠭᠯᠠᠨ᠎ᠠ᠃ |
ᠣᠶᠢᠷ᠎ᠠ ᠶᠢᠨ ᠵᠢᠯ ᠤᠳ ᠲᠤ᠂ ᠰᠢᠯᠢ ᠶᠢᠨ ᠭᠤᠣᠯ ᠠᠶᠢᠮᠠᠭ ᠵᠢᠭᠤᠯᠴᠢᠯᠠᠯ ᠤᠨ ᠦᠢᠯᠡᠰ ᠤᠨ ᠬᠥᠭᠵᠢᠯᠲᠡ ᠪᠠᠨ |
ᠶᠡᠭᠡ ᠪᠠᠷ ᠠᠬᠢᠭᠤᠯᠵᠤ᠂ ᠵᠢᠭᠤᠯᠴᠢᠯᠠᠯ ᠤᠨ ᠰᠠᠭᠤᠷᠢ ᠲᠥᠬᠦᠭᠡᠷᠦᠮᠵᠢ ᠪᠠᠨ ᠲᠠᠰᠤᠷᠠᠯᠲᠠ ᠦᠭᠡᠢ ᠳᠡᠭᠡᠭᠰᠢᠯᠡᠭᠦᠯᠦᠨ᠂ |
ᠵᠢᠭᠤᠯᠴᠢᠯᠠᠯ ᠤᠨ ᠦᠢᠯᠡᠰ ᠤᠨ ᠪᠠᠶᠢᠳᠠᠯ ᠢᠶᠠᠨ ᠪᠠᠶᠠᠯᠢᠭᠵᠢᠭᠤᠯᠵᠤ᠂ ᠦᠢᠯᠡᠴᠢᠯᠡᠭᠡᠨ ᠤ ᠲᠦᠪᠰᠢᠨ ᠢ ᠳᠡᠭᠡᠭᠰᠢᠯᠡᠭᠦᠯᠦᠨ᠂ |
ᠵᠢᠭᠤᠯᠴᠢᠯᠠᠯ ᠤᠨ ᠡᠮᠬᠢ ᠳᠢᠭᠯᠢᠮ ᠢᠶᠠᠨ ᠵᠢᠷᠤᠮᠵᠢᠭᠤᠯᠵᠤ᠂ ︽ᠶᠠᠪᠤᠬᠤ ᠳᠤ ᠰᠠᠨᠠᠭ᠎ᠠ ᠪᠠᠷ᠂ ᠬᠤᠨᠣᠭᠯᠠᠬᠤ ᠳᠤ ᠰᠡᠳᠬᠢᠯ |
ᠠᠮᠤᠷ᠂ ᠢᠳᠡᠬᠦ ᠳᠤ ᠰᠠᠨᠠᠭ᠎ᠠ ᠠᠮᠤᠷ᠂ ᠨᠠᠭᠠᠳᠬᠤ ᠳᠤ ᠪᠠᠶᠠᠷ ᠬᠦᠷ ᠲᠠᠢ᠂ ᠬᠤᠳᠠᠯᠳᠤᠨ ᠠᠪᠬᠤ ᠳᠤ ᠬᠠᠨᠤᠮᠵᠢᠲᠠᠶ᠂ |
ᠵᠤᠭᠠᠴᠠᠬᠤ ᠳᠤ ᠲᠠᠭᠠᠯᠠᠮᠵᠢᠲᠠᠢ︾ ᠰᠠᠶᠢᠨ ᠰᠠᠶᠢᠬᠠᠨ ᠵᠢᠭᠤᠯᠴᠢᠯᠠᠯ ᠤᠨ ᠣᠷᠴᠢᠨ ᠨᠥᠬᠦᠴᠡᠯ ᠢ ᠪᠥᠬᠦ |
ᠬᠦᠴᠦᠨ ᠢᠶᠠᠷ ᠢᠶᠠᠨ ᠪᠣᠶ ᠪᠣᠯᠭᠠᠵᠤ ᠪᠠᠶᠢᠨ᠎ᠠ᠃ |