ᠰᠢᠨᠬᠤᠸᠠ ᠬᠤᠷᠢᠶ᠎ᠠ ᠶᠢᠨ ᠪᠡᠭᠡᠵᠢᠩ ᠤᠨ 3 ᠰᠠᠷ᠎ᠠ ᠶᠢᠨ 12 ᠤᠨ ᠴᠠᠬᠢᠯᠭᠠᠨ ᠮᠡᠳᠡᠭᠡ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠥᠪ |
ᠬᠤᠷᠢᠶ᠎ᠠ ᠶᠢᠨ ᠨᠠᠮ ᠤᠨ ᠲᠡᠦᠬᠡ ᠪᠠ ᠲᠤᠯᠭᠤᠷ ᠪᠢᠴᠢᠭ ᠤᠨ ᠰᠤᠳᠤᠯᠭᠠᠨ ᠤ ᠬᠦᠷᠢᠶᠡᠯᠡᠩ ᠤᠨ ᠨᠠᠶᠢᠷᠠᠭᠤᠯᠤᠭᠰᠠᠨ ︽ᠰᠢ ᠶᠢᠨ ᠫᠢᠩ ᠤᠨ ᠨᠠᠮ ᠤᠨ ᠰᠤᠷᠲᠠᠯ ᠤᠨ |
ᠪᠠᠶᠢᠭᠤᠯᠤᠯᠲᠠ ᠶᠢ ᠴᠢᠩᠭᠠᠳᠬᠠᠬᠤ ᠲᠤᠬᠠᠶ ᠥᠭᠦᠯᠡᠯᠲᠡ ᠶᠢᠨ ᠲᠡᠭᠦᠪᠦᠷᠢ︾ ᠭᠡᠬᠦ ᠨᠣᠮ ᠢ ᠣᠶᠢᠷ᠎ᠠ ᠳᠤ ᠲᠥᠪ ᠤᠨ ᠲᠤᠯᠭᠤᠷ ᠪᠢᠴᠢᠭ ᠤᠨ ᠬᠡᠪᠯᠡᠯ ᠤᠨ |
ᠬᠤᠷᠢᠶ᠎ᠠ ᠠᠴᠠ ᠬᠡᠪᠯᠡᠭᠦᠯᠵᠦ᠂ ᠪᠥᠬᠦ ᠤᠯᠤᠰ ᠲᠤ ᠲᠠᠷᠬᠠᠭᠠᠪᠠ᠃ |
ᠨᠠᠮ ᠤᠨ ᠰᠤᠷᠲᠠᠯ ᠪᠣᠯ ᠳᠠᠷᠤᠢ ᠨᠠᠮ ᠤᠨ ᠲᠦᠷᠢ ᠲᠥᠷᠬᠦ ᠮᠥᠨ᠂ ᠲᠡᠷᠡ ᠨᠢ ᠬᠥᠮᠦᠨ ᠤ ᠰᠡᠳᠭᠢᠯ ᠤᠨ ᠬᠠᠨᠳᠤᠰᠢ ᠳᠤ ᠬᠤᠯᠪᠣᠭᠳᠠᠵᠤ᠂ ᠨᠠᠮ ᠪᠠ |
ᠤᠯᠤᠰ ᠤᠨ ᠠᠵᠢᠯ ᠦᠢᠯᠡᠰ ᠤᠨ ᠪᠦᠲᠦᠵᠦ ᠪᠦᠷᠢᠯᠬᠦ ᠶᠢ ᠲᠣᠭᠲᠠᠭᠠᠳᠠᠭ᠃ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠭᠠᠰᠢ᠂ ᠰᠢ ᠶᠢᠨ ᠫᠢᠩ |
ᠨᠥᠬᠦᠷ ᠢᠶᠠᠷ ᠭᠤᠤᠯ ᠪᠤᠯᠭᠠᠭᠰᠠᠨ ᠨᠠᠮ ᠤᠨ ᠲᠥᠪ ᠬᠤᠷᠢᠶ᠎ᠠ ᠲᠥᠪ ᠤᠨ ᠨᠠᠢᠮᠠᠨ ᠲᠣᠭᠲᠠᠭᠠᠯ ᠢ ᠲᠣᠭᠲᠠᠭᠠᠨ ᠨᠠᠶᠢᠳᠠᠪᠤᠷᠢᠵᠢᠭᠤᠯᠬᠤ ᠠᠴᠠ ᠡᠬᠢᠯᠡᠨ ᠬᠦᠴᠢᠷ |
ᠰᠡᠳᠦᠪ ᠢ ᠰᠶᠢᠳᠪᠦᠷᠢᠯᠡᠵᠤ᠂ ᠳᠡᠭᠡᠷ᠎ᠡ ᠠᠴᠠ ᠳᠣᠷᠣᠭᠰᠢ ᠲᠤᠭᠤᠰᠢᠯᠠᠭᠤᠯᠵᠤ᠂ ᠳᠡᠭᠡᠷ᠎ᠡ ᠱᠠᠳᠤ ᠨᠢ ᠳᠣᠤᠷ᠎ᠠ ᠱᠠᠳᠤ ᠪᠠᠨ ᠳᠠᠶᠢᠴᠢᠯᠠᠬᠤ ᠶᠢ ᠪᠠᠷᠢᠮᠲᠠᠯᠠᠵᠤ᠂ ᠰᠢᠨ᠎ᠡ |
ᠪᠠᠶᠢᠳᠠᠯ ᠳᠣᠣᠷ᠎ᠠ ᠰᠤᠷᠲᠠᠯ ᠤᠨ ᠪᠠᠶᠢᠭᠤᠯᠤᠯᠲᠠ ᠳᠤ ᠶᠠᠭᠤ ᠶᠢ ᠠᠳᠬᠤᠬᠤ᠂ ᠬᠡᠷᠬᠢᠨ ᠠᠳᠬᠤᠬᠤ ᠠᠰᠠᠭᠤᠳᠠᠯ ᠢ ᠰᠢᠢᠳᠪᠦᠷᠢᠯᠡᠪᠡ᠃ ᠨᠠᠢᠮᠠᠨ ᠲᠣᠭᠲᠠᠭᠠᠯ ᠢ ᠨᠢᠭᠡ |
ᠯᠡ ᠳᠣᠣᠷ᠎ᠠ ᠨᠠᠶᠢᠳᠠᠪᠤᠷᠢᠵᠢᠭᠤᠯᠵᠤ᠂ ᠰᠤᠷᠲᠠᠯ ᠤᠨ ᠪᠠᠶᠢᠭᠤᠯᠤᠯᠲᠠ ᠪᠦᠬᠦ ᠲᠠᠯ᠎ᠠ ᠪᠠᠷ ᠠᠮᠢᠳᠤᠯᠢᠭᠵᠢᠵᠤ᠂ ᠨᠠᠮ ᠤᠨ ᠰᠤᠷᠲᠠᠯ ᠵᠠᠰᠠᠭ ᠤᠨ ᠰᠤᠷᠲᠠᠯ ᠰᠢᠨᠡᠳᠴᠦ᠂ |
ᠨᠡᠶᠢᠭᠡᠮ ᠤᠨ ᠰᠤᠷᠲᠠᠯ ᠠᠷᠠᠳ ᠤᠨ ᠰᠤᠷᠲᠠᠯ ᠦᠷᠭᠦᠯᠵᠢᠯᠡᠨ ᠰᠠᠶᠢᠵᠢᠷᠠᠵᠤ᠂ ᠮᠠᠨ ᠤ ᠨᠠᠮ ᠰᠤᠷᠲᠠᠯ ᠤᠨ ᠪᠠᠶᠢᠭᠤᠯᠤᠯᠲᠠ ᠶᠢᠨ ᠰᠢᠨ᠎ᠡ ᠳᠦᠷᠰᠦ ᠪᠠᠶᠢᠳᠠᠯ ᠢᠶᠠᠷ ᠠᠷᠠᠳ |
ᠤᠯᠠᠨ ᠤ ᠢᠲᠡᠭᠡᠯ ᠬᠦᠷᠢᠶᠡᠯᠡᠯ ᠢ ᠤᠯᠪᠠ᠃ ᠰᠢ ᠶᠢᠨ ᠫᠢᠩ ᠨᠥᠬᠦᠷ ᠤᠨ ᠨᠠᠮ ᠤᠨ ᠰᠤᠷᠲᠠᠯ ᠤᠨ ᠪᠠᠶᠢᠭᠤᠯᠤᠯᠲᠠ ᠶᠢ ᠴᠢᠩᠭᠠᠳᠬᠠᠬᠤ ᠶᠢᠨ ᠲᠣᠭᠤᠷᠢᠨ ᠳᠤ |
ᠨᠡᠶᠢᠳᠡᠯᠡᠭᠰᠡᠨ ᠠᠯᠢ ᠣᠯᠠᠨ ᠴᠢᠬᠤᠯᠠ ᠥᠭᠦᠯᠡᠯᠲᠡ ᠨᠢ ᠠᠯᠤᠰ ᠭᠡᠳᠦ ᠶᠢᠨ ᠬᠠᠷᠠᠯᠲᠠ ᠲᠠᠢ᠂ ᠠᠭᠤᠯᠤᠭᠳᠠᠬᠤᠨ ᠪᠠᠶᠠᠯᠢᠭ᠂ ᠦᠵᠡᠯ ᠰᠠᠨᠠᠭ᠎ᠠ ᠭᠦᠨᠵᠡᠭᠡᠶ ᠪᠠᠶᠢᠵᠤ᠂ |
ᠰᠤᠷᠲᠠᠯ ᠢ ᠴᠡᠭᠴᠡᠯᠡᠨ ᠰᠠᠬᠢᠯᠭ᠎ᠠ ᠪᠠᠲᠤ ᠶᠢ ᠴᠢᠩᠳᠠᠯᠠᠵᠤ᠂ ᠲᠥᠪ ᠤᠨ ᠨᠠᠢᠮᠠᠨ ᠲᠣᠭᠲᠠᠭᠠᠯ ᠤᠨ ᠵᠣᠷᠢᠭ ᠰᠠᠨᠠᠭ᠎ᠠ ᠶᠢ ᠴᠥᠬᠦᠷᠡᠰᠢ ᠦᠭᠡᠢ ᠨᠠᠶᠢᠳᠠᠪᠤᠷᠢᠵᠢᠭᠤᠯᠵᠤ᠂ |
ᠬᠠᠳᠠᠭᠠᠰᠤ ᠬᠠᠳᠠᠬᠤ ᠵᠣᠷᠢᠭ ᠰᠠᠨᠠᠭ᠎ᠠ ᠪᠠᠷ ︽ᠳᠥᠷᠪᠡᠨ ᠰᠤᠷᠲᠠᠯ︾ ᠢ ᠵᠠᠯᠠᠷᠠᠭᠤᠯᠵᠤ᠂ ᠰᠤᠷᠲᠠᠯ ᠤᠨ ᠪᠠᠶᠢᠭᠤᠯᠤᠯᠲᠠ ᠶᠢ ᠪᠠᠶᠢᠩᠭᠤᠵᠢᠭᠤᠯᠵᠤ ᠤᠷᠲᠤ ᠬᠤᠭᠤᠴᠠᠭ᠎ᠠ |
ᠪᠦᠲᠦᠮᠵᠢᠲᠡᠢ ᠪᠣᠯᠭᠠᠬᠤ ᠶᠢ ᠠᠬᠢᠭᠤᠯᠵᠤ᠂ ᠨᠠᠮ ᠤᠨ ᠥᠪᠡᠷ ᠪᠡᠶ᠎ᠡ ᠶᠢᠨ ᠬᠤᠪᠢᠰᠬᠠᠯ ᠢᠶᠠᠷ ᠨᠡᠶᠢᠭᠡᠮ ᠤᠨ ᠬᠤᠪᠢᠰᠬᠠᠯ ᠢ ᠬᠥᠲᠥᠯᠥᠨ ᠳᠠᠭᠠᠭᠤᠯᠬᠤ ᠳᠡᠭᠡᠳᠦ |
ᠬᠡᠮᠵᠢᠶᠡᠨ ᠤ ᠤᠬᠠᠮᠰᠠᠷ ᠢ ᠪᠠᠲᠤᠯᠠᠵᠤ᠂ ᠥᠭᠡᠷᠡᠴᠢᠯᠡᠯᠲᠡ ᠶᠢᠨ ᠵᠣᠷᠢᠭ ᠰᠠᠨᠠᠭ᠎ᠠ ᠪᠠ ᠴᠢᠩᠭ᠎ᠠ ᠪᠠᠷᠢᠮᠵᠢᠶ᠎ᠠ ᠪᠠᠷ ᠨᠠᠮ ᠢ ᠬᠠᠮᠢᠶᠠᠷᠴᠤ ᠨᠠᠮ ᠢ ᠵᠠᠰᠠᠬᠤ ᠶᠢ ᠪᠠᠷᠢᠮᠲᠠᠯᠠᠵᠤ᠂ |
ᠨᠠᠮ ᠤᠨ ᠢᠮᠠᠭᠲᠠ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮ ᠤᠨ ᠦᠢᠯᠡᠰ ᠤᠨ ᠪᠠᠲᠤ ᠴᠢᠩᠭ᠎ᠠ ᠤᠳᠤᠷᠢᠳᠬᠤ ᠭᠤᠣᠯᠯᠠᠭᠴᠢ ᠪᠣᠯᠬᠤ ᠶᠢ ᠦᠨᠡᠨ |
ᠬᠦ ᠪᠠᠲᠤᠯᠠᠵᠤ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠯᠠᠪᠳᠠᠭᠤᠨ ᠢᠶᠠᠷ ᠬᠤᠯᠠ ᠠᠶᠠᠯᠠᠬᠤ ᠶᠢ ᠠᠬᠢᠭᠤᠯᠬᠤ ᠳᠤ ᠮᠠᠰᠢ ᠴᠢᠬᠤᠯᠠ ᠠᠴᠢ |
ᠬᠤᠯᠪᠣᠭᠳᠠᠯ ᠲᠠᠢ ᠶᠤᠮ᠃ |
︽ᠥᠭᠦᠯᠡᠯᠲᠡ ᠶᠢᠨ ᠲᠡᠭᠦᠪᠦᠷᠢ︾ ᠨᠢ 9 ᠲᠤᠰᠬᠠᠢ ᠰᠡᠳᠦᠪ ᠬᠤᠪᠢᠶᠠᠵᠤ᠂ ᠨᠡᠶᠢᠳᠡ 299 ᠬᠡᠰᠡᠭ ᠥᠭᠦᠯᠡᠯᠲᠡ ᠲᠠᠢ ᠪᠠᠶᠢᠵᠤ᠂ ᠰᠢ ᠶᠢᠨ ᠫᠢᠩ |
ᠨᠥᠬᠦᠷ ᠤᠨ 2012 ᠣᠨ ᠤ 11 ᠰᠠᠷ᠎ᠠ ᠠᠴᠠ 2025 ᠣᠨ ᠤ 2 ᠰᠠᠷ᠎ᠠ ᠪᠣᠯᠲᠠᠯᠠᠬᠢ ᠬᠤᠭᠤᠴᠠᠭᠠᠨ ᠳᠠᠬᠢ ᠮᠡᠳᠡᠭᠦᠯᠦᠯᠲᠡ᠂ ᠶᠠᠷᠢᠶ᠎ᠠ᠂ ᠵᠢᠭᠠᠪᠤᠷᠢ᠂ ᠣᠷᠣᠰᠢᠯ |
ᠵᠡᠷᠭᠡ 130 ᠭᠠᠷᠤᠢ ᠴᠢᠬᠤᠯᠠ ᠲᠤᠯᠭᠤᠷ ᠪᠢᠴᠢᠭ ᠠᠴᠠ ᠰᠣᠩᠭᠤᠨ ᠠᠪᠤᠪᠠ᠃ ᠡᠭᠦᠨ ᠳᠤ ᠬᠡᠰᠡᠭ ᠥᠭᠦᠯᠡᠯᠲᠡ ᠶᠢ ᠨᠢ ᠠᠩᠬ᠎ᠠ ᠤᠳᠠᠭ᠎ᠠ ᠢᠯᠡ ᠪᠠᠷ ᠨᠡᠶᠢᠲᠡᠯᠡᠵᠦ |
ᠪᠠᠶᠢᠨ᠎ᠠ᠃ |
|